E-Mongolia ᠰᠢᠰᠲ᠋ᠧᠮ ᠳ᠋ᠦ ᠨᠡᠪᠲᠡᠷᠡᠨ ᠣᠷᠤᠵᠤ᠂ ᠮᠣᠩᠭᠣᠯ ᠪᠠᠩᠻᠢ ᠠ᠋ᠴᠠ ᠵᠠᠷᠯᠠᠭᠰᠠᠨ ᠬᠠᠩᠰᠢ ᠶ᠋ᠢᠨ ᠮᠡᠳᠡᢉᠡᠯᠡᠯ ᠢ᠋ ᠠᠪᠬᠤ ᠨᠢ ᠮᠠᠰᠢ ᢈᠢᠯᠪᠠᠷ ᠪᠣᠯᠤᠭᠰᠠᠨ᠃ ᢈᠡᠷᠡᢉᠯᠡᢉᠴᠢᠳ E-Mongolia ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠣᠷᠤᠵᠤ᠂ ᠮᠣᠩᠭᠣᠯ ᠪᠠᠩᠻᠢ ᠶ᠋ᠢᠨ ᠠᠯᠪᠠᠨ ᠶᠣᠰᠤᠨ ᠤ᠋ ᠬᠠᠩᠰᠢ ᠶ᠋ᠢᠨ ᠮᠡᠳᠡᢉᠡᠯᠡᠯ ᠢ᠋ ᠰᠢᠭᠤᠳ ᠠᠪᠬᠤ ᠪᠣᠯᠤᠮᠵᠢ ᠲᠠᠢ ᠪᠣᠯᠤᠭᠰᠠᠨ ᠪᠠᠶᠢᠨᠠ᠃
ᠦᠶᠢᠯᠡᠴᠢᠯᠡᢉᠡᠨ ᠦ᠋ ᠦᠶᠢᠯᠡ ᠶᠠᠪᠤᠴᠠ:
E-Mongolia ᠰᠢᠰᠲ᠋ᠧᠮ ᠳ᠋ᠦ ᠨᠡᠪᠲᠡᠷᠡᢈᠦ: ᠥᠪᠡᠷ ᠦ᠋ᠨ E-Mongolia ᠪᠦᠷᠢᠳᢈᠡᠯ ᠢ᠋ᠶᠡᠷ ᠢ᠋ᠶᠡᠨ ᠰᠢᠰᠲ᠋ᠧᠮ ᠳ᠋ᠦ ᠨᠡᠪᠲᠡᠷᠡᠨᠡ᠃
ᠬᠠᠶᠢᠯᠲᠠ ᠪᠠᠨ ᢈᠢᢈᠦ:“ᠮᠣᠩᠭᠤᠯ ᠪᠠᠩᠻᠢ ᠠ᠋ᠴᠠ ᠵᠠᠷᠯᠠᠭᠰᠠᠨ ᠬᠠᠩᠰᠢ ᠶ᠋ᠢᠨ ᠯᠠᠪᠯᠠᠭᠠ” ᢉᠡᠵᠦ ᠪᠢᠴᠢᠵᠦ ᠬᠠᠶᠢᠯᠲᠠ ᢈᠢᢈᠦ᠃
ᢈᠦᠰᠡᢉᠰᠡᠨ ᠮᠡᠳᠡᢉᠡᠯᠡᠯ ᠢ᠋ᠶᠡᠨ ᠠᠪᠬᠤ: ᠲᠠ ᠲᠤᠬᠠᠢ ᠶ᠋ᠢᠨ ᠡᠳᠦᠷ ᠦ᠋ᠨ ᠪᠣᠯᠤᠨ ᢈᠦᠰᠡᢉᠰᠡᠨ ᠣᠩᠨᠠᠭᠠ ᠶ᠋ᠢᠨ ᠮᠣᠩᠭᠣᠯ ᠪᠠᠩᠻᠢ ᠶ᠋ᠢᠨ ᠠᠯᠪᠠᠨ ᠶᠣᠰᠤᠨ ᠤ᠋ ᠬᠠᠩᠰᠢ ᠶ᠋ᠢᠨ ᠮᠡᠳᠡᢉᠡᠯᠡᠯ ᠢ᠋ ᠰᠢᠭᠤᠳ ᠠᠪᠬᠤ ᠪᠣᠯᠤᠮᠵᠢ ᠲᠠᠢ᠃
ᠡᠨᠡ ᢈᠦ ᠦᠢᠯᠡᠴᠢᠯᠡᢉᠡ ᠨᠢ ᠢᠷᢉᠡᠳ ᠪᠣᠯᠤᠨ ᠪᠢᠽᠢᠨᠧᠰ ᠡᠷᢈᠢᠯᠡᢉᠴᠢᠳ ᠲᠦ ᠬᠠᠩᠰᠢ ᠶ᠋ᠢᠨ ᠮᠡᠳᠡᢉᠡᠯᠡᠯ ᠢ᠋ ᠬᠤᠷᠳᠤᠨ᠂ ᠰᠢᠭᠤᠷᠬᠠᠢ ᠠᠪᠬᠤ ᠪᠣᠯᠤᠮᠵᠢ ᠶ᠋ᠢ ᠣᠯᠭᠤᠬᠤ ᠪᠥᢉᠡᠳ ᠡᠳᠦᠷ ᠲᠤᠲᠤᠮ ᠤ᠋ᠨ ᢉᠦᠢᠯᢉᠡᢉᠡ᠂ ᠲᠥᠯᠦᠪᠦᠷᠢ ᠲᠣᠭᠠᠴᠠᠭᠠ ᠶ᠋ᠢ ᢈᠢᠯᠪᠠᠷᠰᠢᠭᠤᠯᠵᠤ᠂ ᠢᠯᠡᢉᠦᠦ ᠦᠷᠡ ᠠᠰᠢᠭᠲᠠᠢ ᠪᠣᠯᠭᠠᠬᠤ ᠳ᠋ᠤ ᠲᠤᠰᠠᠯᠠᠬᠤ ᠵᠣᠷᠢᠯᠭᠠ ᠲᠠᠢ᠃