ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᢈᠦᠰᠡᠯᠲᠡ ᠶ᠋ᠢ 03 ᠳ᠋ᠤᠭᠠᠷ ᠰᠠᠷᠠ ᠶ᠋ᠢᠨ 01- ᠶ᠋ᠢᠨ ᠡᠳᠦᠷ ᠦ᠋ᠨ 09:00 ᠴᠠᠭ ᠠ᠋ᠴᠠ 03 ᠳ᠋ᠤᠭᠠᠷ ᠰᠠᠷᠠ ᠶ᠋ᠢᠨ 10-ᠨ ᠤ᠋ ᠡᠳᠦᠷ ᠦ᠋ᠨ 17:00 ᠴᠠᠭ ᠤ᠋ᠨ ᠬᠣᠭᠤᠷᠤᠨᠳᠤ E-Mongolia ᠰᠢᠰᠲ᠋ᠧᠮ ᠢ᠋ᠶᠡᠷ ᢈᠦᠯᠢᠶᠡᠨ ᠠᠪᠤᠨᠠ᠃
ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ 2017 ᠣᠨ ᠤ᠋ 1 ᠰᠠᠷᠠ ᠶ᠋ᠢᠨ 25-ᠨᠢ ᠡᠳᠦᠷ ᠦ᠋ᠨ 32 ᠳ᠋ᠤᠭᠠᠷ ᠲᠣᠭᠲᠠᠭᠠᠯ ᠢ᠋ᠶᠠᠷ ᠪᠠᠲᠤᠯᠠᠭᠳᠠᠭᠰᠠᠨ “ᠣᠶᠤᠲᠠᠨ-ᠴᠡᠷᠢᢉ”-ᠲᠥ ᠴᠡᠷᠢᢉ ᠦ᠋ᠨ ᠮᠡᠷᢉᠡᠵᠢᠯ ᠣᠯᠭᠠᠬᠤ ᠵᠢᠷᠤᠮ” ᠰᠢᠨᠡᠴᠢᠯᠡᢉᠳᠡᢉᠰᠡᠨ ᠦ᠋ ᠳᠠᠭᠠᠭᠤ ᢈᠦᠰᠡᠯᠲᠡ ᠢᠯᠡᢉᠡᠵᠦ ᠪᠤᠢ ᠣᠶᠤᠲᠠᠨ ᠨᠤᠭᠤᠳ ᠳᠠᠷᠠᠭᠠᢈᠢ ᠱᠠᠭᠠᠷᠳᠠᠯᠭᠠ ᠨᠤᠭᠤᠳ ᠢ᠋ ᠬᠠᠩᠭᠠᠭᠰᠠᠨ ᠪᠠᠶᠢᠬᠤ ᠶᠣᠰᠤᠲᠠᠢ᠃ ᠡᢉᠦᠨ ᠳ᠋ᠦ:
- ᠮᠣᠩᠭᠣᠯ ᠤᠯᠤᠰ ᠤ᠋ᠨ ᢈᠡᠮᠵᠢᠶᠡᠨ ᠳ᠋ᠦ ᠦᠢᠯᠡ ᠠᠵᠢᠯᠯᠠᠭᠠ ᠶᠠᠪᠤᠭᠤᠯᠵᠤ ᠪᠤᠢ ᠮᠠᠭᠠᠳᠯᠠᠨ ᠢᠲᠡᢉᠡᠮᠵᠢᠯᠡᢉᠳᠡᢉᠰᠡᠨ ᠶᠡᢈᠡ ᠰᠤᠷᠭᠠᠭᠤᠯᠢ᠂ ᠻᠣᠯᠯᠧᠵᠢ ᠶ᠋ᠢᠨ 1᠂ 2᠂ 3-ᠷ ᠳᠠᠮᠵᠢᠶᠠᠨ ᠤ᠋ ᠣᠶᠤᠲᠠᠨ ᠪᠠᠶᠢᠬᠤ;
- ᠰᠤᠷᠤᠯᠭᠠ ᠶ᠋ᠢᠨ ᠭᠣᠣᠯᠴᠢ ᠳ᠋ᠦᠩ 2᠂8- ᠠ᠋ᠴᠠ ᠳᠡᢉᠡᢉᠰᠢ ᠪᠠᠶᠢᠬᠤ;
- 2025 ᠣᠨ ᠤ᠋ 06 ᠳ᠋ᠤᠭᠠᠷ ᠰᠠᠷᠠ ᠶ᠋ᠢᠨ 15-ᠨ ᠤ᠋ ᠡᠳᠦᠷ ᠡᠴᠡ ᠡᠮᠦᠨᠡ 18 ᠨᠠᠰᠤ ᢈᠦᠷᠦᢉᠰᠡᠨ ᠪᠠᠶᠢᠬᠤ;
- ᠡᠷᠡᢉᠦᠯ ᠮᠡᠨᠳᠦ ᠶ᠋ᠢᠨ ᠳᠠᠭᠠᠳᠬᠠᠯ ᠲᠥᠯᠦᢉᠰᠡᠨ ᠪᠠᠶᠢᠬᠤ ᠵᠡᠷᢉᠡ ᠪᠠᠭᠲᠠᠨᠠ᠃
ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᢈᠦᠰᠡᠯᠲᠡ ᠶ᠋ᠢ 03 ᠳ᠋ᠤᠭᠠᠷ ᠰᠠᠷᠠ ᠶ᠋ᠢᠨ 11-ᠨᠢ ᠡᠳᠦᠷ ᠡᠴᠡ 03 ᠳ᠋ᠤᠭᠠᠷ ᠰᠠᠷᠠ ᠶ᠋ᠢᠨ 17-ᠨ ᠤ᠋ ᠡᠳᠦᠷ ᠦ᠋ᠳ ᠲᠦ ᠪᠠᠲᠤᠯᠠᠨ ᠬᠠᠮᠠᠭᠠᠯᠠᠬᠤ ᠶᠠᠮᠤᠨ ᠰᠢᠢᠳᠪᠦᠷᠢᠯᠡᠵᠦ᠂ ᢈᠦᠰᠡᠯᠲᠡ ᠶ᠋ᠢᠨ ᠬᠠᠷᠢᠭᠤ ᠶ᠋ᠢ ᠢ-ᠮᠧᠶᠢᠯ ᠬᠠᠶᠢᠭ ᠪᠣᠯᠤᠨ E-Mongolia ᠰᠢᠰᠲ᠋ᠧᠮ ᠢ᠋ᠶᠡᠷ ᢈᠦᠷᢈᠡᢉᠦᠯᠦᠨᠡ᠃ ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᠲᠠᠯᠠᠭᠠᠷ ᠮᠡᠳᠡᢉᠡᠯᠡᠯ ᠠᠪᠬᠤ ᠪᠣᠯᠤᠨ ᢈᠦᠰᠡᠯᠲᠡ ᠶ᠋ᠢᠨ ᠬᠠᠷᠢᠭᠤ ᠲᠠᠢ ᠬᠣᠯᠪᠤᠭᠠ ᠲᠠᠢ ᠠᠰᠠᠭᠤᠳᠠᠯ ᠢ᠋ ᠪᠠᠲᠤᠯᠠᠨ ᠬᠠᠮᠠᠭᠠᠯᠠᠬᠤ ᠶᠠᠮᠤᠨ ᠤ᠋ 18001144 ᠪᠣᠯᠤᠨ “ᠪᠣᠯᠪᠠᠰᠤᠷᠠᠯ ᠤ᠋ᠨ ᠮᠡᠳᠡᢉᠡᠯᠡᠯ ᠦ᠋ᠨ ᠲᠧᠻᠨᠤᠯᠤᢉᠢ ᠶ᠋ᠢᠨ ᠲᠥᠪ” ᠤᠲᠤᠭ- ᠤ᠋ᠨ 75772727 ᠤᠲᠠᠰᠤ ᠪᠠᠷ ᠲᠣᠳᠤᠷᠠᠭᠤᠯᠤᠨᠠ ᠤᠤ!