“ᠡᠷᠳᠡᠨᠢᠰ ᠲᠠᠪᠤᠨᠲᠤᠯᠤᠭᠠᠢ” ᠬᠻ-ᠡᠶᠢᠨ 1072 ᠨᠣᠭᠳᠠᠯ ᠠᠰᠢᠭ ᠤ᠋ᠨ ᠰᠠᠨᠠᠯ ᠬᠤᠷᠢᠶᠠᠯᠲᠠ ᠳᠠᠭᠤᠰᠤᠯ᠎ᠠ


ᠡᠷᠳᠡᠨᠢᠰ ᠲᠠᠪᠤᠨᠲᠤᠯᠤᠭᠠᠢ ᢈᠢ-ᠨᠢ ᠨᠣᠭᠳᠠᠯ ᠠᠰᠢᠭ ᠢ᠋ᠶᠠᠨ ᠪᠡᠯᠡᠨ ᠮᠥᠩᢉᠦ ᠪᠡᠷ ᠠᠪᠬᠤ ᠤᠤ᠂ ᠬᠤᠷᠠᠮᠲᠤᠯᠠᠭᠤᠯᠬᠤ ᠤᠤ᠂ ᠡᠰᠡᠪᠡᠯ ᠨᠡᠶᠢᢉᠡᠮ ᠦ᠋ᠨ ᠰᠠᠶᠢᠨ ᠰᠠᠶᠢᠬᠠᠨ ᠤ᠋ ᠲᠥᠯᠦᢉᠡ ᠲᠥᠰᠦᠯ ᢈᠥᠲᠦᠯᠪᠦᠷᠢ ᠳ᠋ᠦ ᠵᠠᠷᠤᠴᠠᠭᠤᠯᠬᠤ ᠤᠤ ᢉᠡᠰᠡᠨ ᠰᠣᠩᠭᠤᠯᠲᠠ ᠲᠠᠢ ᠪᠠᠷ ᠰᠠᠨᠠᠯ ᠬᠤᠷᠢᠶᠠᠯᠲᠠ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠢ᠋ᠶᠡᠷ ᠶᠠᠪᠤᠭᠳᠠᠵᠤ ᠳᠠᠭᠤᠰᠤᠯ᠎ᠠ᠃

ᠲᠤᠰ ᠰᠠᠨᠠᠯ ᠬᠤᠷᠢᠶᠠᠯᠲᠠ ᠳ᠋ᠤ 505᠂318 ᠢᠷᢉᠡᠨ ᠰᠠᠨᠠᠯ ᠢ᠋ᠶᠠᠨ ᠥᢉᠴᠡᠢ᠃  ᠡᢉᠦᠨ ᠳ᠋ᠦ:  

ᠨᠣᠭᠳᠠᠯ ᠠᠰᠢᠭ ᠢ᠋ᠶᠠᠨ ᠪᠠᠩᠻᠢ ᠶ᠋ᠢᠨ ᠳᠠᠩᠰᠠᠨ ᠳ᠋ᠤ ᠰᠢᠭᠤᠳ ᠰᠢᠯᠵᠢᢉᠦᠯᠦᠨ ᠠᠪᠬᠤ ᢈᠦᠰᠡᠯᠲᠡ ᠭᠠᠷᠭᠠᠭᠰᠠᠨ ᠢᠷᢉᠡᠳ ᠦ᠋ᠨ ᠲᠣᠭ᠎ᠠ: 95᠂35% ᠪᠤᠶᠤ 481᠂809 ᠢᠷᢉᠡᠨ᠃

ᠬᠤᠷᠠᠮᠲᠤᠯᠠᠯ ᠤ᠋ᠨ ᠰᠠᠩ ᠪᠤᠶᠤ ᠢᠷᠡᢉᠡᠳᠦᠢ ᠳ᠋ᠦ ᢈᠡᠷᠡᢉᠯᠡᢈᠦ ᠵᠣᠷᠢᠯᠭ᠎ᠠ ᠪᠠᠷ ᠬᠤᠷᠠᠮᠲᠤᠯᠠᠭᠤᠯᠵᠤ ᠬᠠᠳᠠᠭᠠᠯᠠᠬᠤ ᠡᠰᠡᠪᠡᠯ ᠪᠠᠶᠠᠯᠢᠭ ᠤ᠋ᠨ ᠰᠠᠩ ᠤ᠋ᠨ ᠠᠭᠤᠯᠭ᠎ᠠ ᠪᠠᠷ ᠬᠠᠳᠠᠭᠠᠯᠠᠬᠤ ᠰᠣᠩᠭᠤᠯᠲᠠ ᢈᠢᢉᠰᠡᠨ ᠢᠷᢉᠡᠳ ᠦ᠋ᠨ ᠲᠣᠭ᠎ᠠ: 4᠂40% ᠪᠤᠶᠤ 22᠂242 ᠢᠷᢉᠡᠨ᠃

ᠬᠠᠨᠳᠢᠪ ᠪᠤᠶᠤ ᠨᠡᠶᠢᢉᠡᠮ ᠦ᠋ᠨ ᠰᠠᠶᠢᠨ ᠦᠢᠯᠡᠰ ᠪᠣᠯᠤᠨ ᠲᠥᠰᠦᠯ᠂ ᠰᠠᠩ ᠳ᠋ᠤ ᠬᠠᠨᠳᠢᠪᠯᠠᠬᠤ ᢈᠦᠰᠡᠯᠲᠡ ᠭᠠᠷᠭᠠᠭᠰᠠᠨ ᠢᠷᢉᠡᠳ ᠦ᠋ᠨ ᠲᠣᠭ᠎ᠠ: 0᠂25% ᠪᠤᠶᠤ 1᠂267 ᠢᠷᢉᠡᠨ ᠲᠤᠰ ᠲᠤᠰ ᠰᠠᠨᠠᠯ ᠢ᠋ᠶᠠᠨ ᠢᠯᠡᢉᠡᢉᠰᠡᠨ ᠪᠠᠶᠢᠨ᠎ᠠ᠃

ᠢᠷᢉᠡᠨ ᠲᠠ ᠰᠠᠨᠠᠯ ᠥᢉᢉᠦᢉᠡ ᠦᢉᠡᠢ ᠪᠠᠶᠢᠭᠰᠠᠨ ᠴᠤ᠂ ᠲᠠᠨ ᠤ᠋ ᠨᠣᠭᠳᠠᠯ ᠠᠰᠢᠭ ᠠᠦᠲ᠋ᠤᠮᠠᠲ ᠢ᠋ᠶᠠᠷ ᠲᠠᠨ ᠤ᠋ ᠪᠠᠩᠻᠢ ᠶ᠋ᠢᠨ ᠳᠠᠩᠰᠠᠨ ᠳ᠋ᠤ ᠰᠢᠯᠵᠢᠨ᠎ᠡ᠃

ᠨᠡᠶᠢᠲᠡᠯᠡᠭᠰᠡᠨ᠄