- ᠣᠶᠤᠲᠠᠨ ᠴᠡᠷᠢᢉ ᠦ᠋ᠨ ᠪᠦᠷᠢᠳᢈᠡᠯ ᠦ᠋ᠨ ᢈᠦᠰᠡᠯᠲᠡ ᠶ᠋ᠢ ᠠᠮᠵᠢᠯᠲᠠᠲᠠᠢ ᢈᠦᠯᠢᠶᠡᠨ ᠠᠪᠴᠤ ᠳᠠᠭᠤᠰᠤᠯᠠ᠃
ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᢈᠦᠰᠡᠯᠲᠡ ᠶ᠋ᠢ 03 ᠳ᠋ᠤᠭᠠᠷ ᠰᠠᠷᠠ ᠶ᠋ᠢᠨ 01-ᠨᠢ ᠡᠳᠦᠷ ᠦ᠋ᠨ 09:00 ᠴᠠᠭ ᠠ᠋ᠴᠠ 03 ᠳ᠋ᠤᠭᠠᠷ ᠰᠠᠷᠠ ᠶ᠋ᠢᠨ 14- ᠦ᠋ᠨ ᠡᠳᠦᠷ ᠦ᠋ᠨ 17:00 ᠴᠠᠭ ᠤ᠋ᠨ ᠬᠣᠭᠤᠷᠤᠨᠳᠤ E-Mongolia ᠰᠢᠰᠲ᠋ᠧᠮ ᠢ᠋ᠶᠡᠷ ᢈᠦᠯᠢᠶᠡᠨ ᠠᠪᠴᠤ ᠳᠠᠭᠤᠰᠤᠯᠠ᠃ ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᠲᠠᠯᠠᠭᠠᠷ ᠮᠡᠳᠡᢉᠡᠯᠡᠯ ᠠᠪᠬᠤ ᠪᠣᠯᠤᠨ ᢈᠦᠰᠡᠯᠲᠡ ᠶ᠋ᠢᠨ ᠬᠠᠷᠢᠭᠤ ᠲᠠᠢ ᠬᠣᠯᠪᠤᠭᠠ ᠲᠠᠢ ᠠᠰᠠᠭᠤᠳᠠᠯ ᠢ᠋ ᠪᠠᠲᠤᠯᠠᠨ ᠬᠠᠮᠠᠭᠠᠯᠠᠬᠤ ᠶᠠᠮᠤᠨ ᠤ᠋ 18001144 ᠪᠣᠯᠤᠨ “ᠪᠣᠯᠪᠠᠰᠤᠷᠠᠯ ᠤ᠋ᠨ ᠮᠡᠳᠡᢉᠡᠯᠡᠯ ᠦ᠋ᠨ ᠲᠧᠻᠨᠤᠯᠤᢉᠢ ᠶ᠋ᠢᠨ ᠲᠥᠪ” ᠤᠲᠤᠭ- ᠤ᠋ᠨ 75772727 ᠤᠲᠠᠰᠤ ᠪᠠᠷ ᠲᠣᠳᠤᠷᠠᠭᠤᠯᠤᠨᠠ ᠤᠤ!
- ᠯᠠᠪᠯᠠᠭᠠ ᠠᠪᠬᠤ ᠲᠥᠷᠦᠯ ᠰᠢᠨᠡᠴᠢᠯᠡᢉᠳᠡᠯᠡ
ᠢᠷᢉᠡᠨ ᠲᠠ E-Mongolia ᠰᠢᠰᠲ᠋ᠧᠮ ᠡᠴᠡ ᠢᠷᢉᠡᠨ ᠪᠣᠯᠤᠨ ᠬᠠᠤᠯᠢ ᠶ᠋ᠢᠨ ᠡᠲᠡᢉᠡᠳ ᠦ᠋ᠨ ᠡᠷᠡᢉᠦᠦ ᠶ᠋ᠢᠨ ᠬᠠᠷᠢᠭᠤᠴᠠᠯᠭᠠ ᢈᠦᠯᠢᠶᠡᠵᠦ ᠪᠠᠶᠢᠭᠰᠠᠨ ᠡᠰᠡᢈᠦ ᠲᠤᠬᠠᠢ ᠲᠣᠳᠤᠷᠬᠠᠶᠢᠯᠠᠯᠲᠠ ᠶ᠋ᠢ ᠬᠤᠪᠢ ᠶ᠋ᠢᠨ ᠮᠡᠳᠡᢉᠡᠯᠡᠯ ᠬᠠᠮᠠᠭᠠᠯᠠᠬᠤ ᠲᠤᠬᠠᠢ ᠬᠠᠤᠯᠢ ᠶ᠋ᠢᠨ ᠳᠠᠭᠠᠭᠤ ᠯᠠᠪᠯᠠᠭᠠ ᠪᠠᠨ ᠬᠤᠷᠢᠶᠠᠩᠭᠤᠢ ᠪᠣᠯᠤᠨ ᠳᠡᠯᢉᠡᠷᠡᠩᢉᠦᠢ ᠪᠠᠶᠢᠳᠠᠯ ᠢ᠋ᠶᠠᠷ ᠰᠣᠩᠭᠤᠨ ᠠᠪᠬᠤ ᠪᠣᠯᠤᠮᠵᠢᠲᠠᠢ ᠪᠣᠯᠤᠯᠠ᠃
- ᠮᠣᠩᠭᠤᠯ ᠤᠯᠤᠰ ᠤ᠋ᠨ ᢈᠡᠮᠵᠢᠶ ᠡᠨ ᠳ᠋ᠦ E-Mongolia ᠰᠢᠰᠲ᠋ᠧᠮ ᠢ᠋ ᠢᠷᢉᠡᠳ ᠢᠳᠡᠪᢈᠢ ᠲᠡᠢ ᢈᠡᠷᠡᢉᠯᠡᠵᠦ ᠪᠠᠶᠢᠨᠠ
ᠭᠣᠪᠢᠰᠦ᠋ᠮᠪᠦᠷ ᠠᠶᠢᠮᠠᠭ ᠤ᠋ᠨ ᠨᠠᠰᠤᠨ ᠳ᠋ᠤ ᢈᠦᠷᠦᢉᠰᠡᠨ ᠢᠷᢉᠡᠳ ᠦ᠋ᠨ 91% ᠨᠢ E-Mongolia ᠰᠢᠰᠲ᠋ᠧᠮ ᠳ᠋ᠦ ᠪᠦᠷᠢᠳᢈᠡᠯ ᠲᠡᠢ ᠪᠠᠶᠢᠨᠠ᠃ ᠡᢉᠦᠨ ᠡᠴᠡ ᠰᠦᠮᠪᠦᠷ ᠰᠤᠮᠤ ᠶ᠋ᠢᠨ ᠢᠷᢉᠡᠳ ᠬᠠᠮᠤᠭ ᠤ᠋ᠨ ᠣᠯᠠᠨ ᠤᠳᠠᠭᠠ ᠪᠤᠶᠤ 314᠂595 ᠦᠢᠯᠡᠴᠢᠯᠡᢉᠡ ᠶ᠋ᠢ ᠠᠪᠴᠡᠢ᠃ ᠳᠠᠷᠬᠠᠨ-ᠠᠭᠤᠯᠠ ᠠᠶᠢᠮᠠᠭ ᠤ᠋ᠨ ᠨᠠᠰᠤᠨ ᠳ᠋ᠤ ᢈᠦᠷᠦᢉᠰᠡᠨ ᠢᠷᢉᠡᠳ ᠦ᠋ᠨ 96% ᠨᠢ E-Mongolia ᠰᠢᠰᠲ᠋ᠧᠮ ᠢ᠋ ᠠᠰᠢᠭᠯᠠᠵᠤ ᠪᠠᠶᠢᠭᠠ ᠪᠥᢉᠡᠳ ᠳᠠᠷᠬᠠᠨ ᠰᠤᠮᠤ ᠶ᠋ᠢᠨ ᠢᠷᢉᠡᠳ (2᠂063᠂861) ᠤᠳᠠᠭᠠ ᠦᠢᠯᠡᠴᠢᠯᠡᢉᠡ ᠠᠪᠤᠭᠰᠠᠨ ᠢ᠋ᠶᠠᠷ ᠲᠤᠰ ᠰᠤᠮᠤ ᠶ᠋ᠢᠨ ᠢᠷᢉᠡᠳ ᠬᠠᠮᠤᠭ ᠤ᠋ᠨ ᠣᠯᠠᠨ ᠦᠢᠯᠡᠴᠢᠯᠡᢉᠡ ᠠᠪᠤᠭᠰᠠᠨ ᠪᠠᠶᠢᠨᠠ᠃ ᠳᠣᠷᠤᠨᠠᠭᠤᠪᠢ ᠠᠶᠢᠮᠠᠭ ᠤ᠋ᠨ ᠨᠠᠰᠤᠨ ᠳ᠋ᠤ ᢈᠦᠷᠦᢉᠰᠡᠨ ᠢᠷᢉᠡᠳ ᠦ᠋ᠨ 79% ᠨᠢ E-Mongolia ᠰᠢᠰᠲ᠋ᠧᠮ ᠢ᠋ ᠠᠰᠢᠭᠯᠠᠵᠤ ᠪᠠᠶᠢᠨᠠ᠃ ᠰᠠᠶᠢᠨᠱᠠᠩᠳᠠ ᠰᠤᠮᠤ ᠶ᠋ᠢᠨ ᠢᠷᢉᠡᠳ ᠬᠠᠮᠤᠭ ᠤ᠋ᠨ ᠣᠯᠠᠨ ᠤᠳᠠᠭᠠ ᠪᠤᠶᠤ 577᠂906 ᠦᠢᠯᠡᠴᠢᠯᠡᢉᠡ ᠶ᠋ᠢ ᠠᠪᠴᠡᠢ᠃ ᠳᠣᠷᠤᠨᠠᠳᠤ ᠠᠶᠢᠮᠠᠭ ᠤ᠋ᠨ ᠨᠠᠰᠤᠨ ᠳ᠋ᠤ ᢈᠦᠷᠦᢉᠰᠡᠨ ᠢᠷᢉᠡᠳ ᠦ᠋ᠨ 74% ᠨᠢ E-Mongolia ᠰᠢᠰᠲ᠋ᠧᠮ ᠳ᠋ᠦ ᠪᠦᠷᠢᠳᢈᠡᠯ ᠲᠡᠢ ᠪᠠᠶᠢᠨᠠ᠃ ᢈᠡᠷᠦᠯᠦᠨ ᠰᠤᠮᠤ ᠶ᠋ᠢᠨ ᠢᠷᢉᠡᠳ ᠬᠠᠮᠤᠭ ᠤ᠋ᠨ ᠣᠯᠠᠨ ᠤᠳᠠᠭᠠ ᠪᠤᠶᠤ 831᠂301 ᠦᠢᠯᠡᠴᠢᠯᠡᢉᠡ ᠶ᠋ᠢ ᠠᠪᠴᠡᠢ᠃ ᠵᠠᠪᠬᠠᠨ ᠠᠶᠢᠮᠠᠭ ᠤ᠋ᠨ ᠨᠠᠰᠤᠨ ᠳ᠋ᠤ ᢈᠦᠷᠦᢉᠰᠡᠨ ᠢᠷᢉᠡᠳ ᠦ᠋ᠨ 74% ᠨᠢ E-Mongolia ᠰᠢᠰᠲ᠋ᠧᠮ ᠳ᠋ᠦ ᠪᠦᠷᠢᠳᢈᠡᠯ ᠲᠡᠢ ᠪᠠᠶᠢᠭᠠ ᠪᠥᢉᠡᠳ ᠤᠯᠢᠶᠠᠰᠤᠲᠠᠢ ᠰᠤᠮᠤ ᠶ᠋ᠢᠨ ᠢᠷᢉᠡᠳ ᠬᠠᠮᠤᠭ ᠤ᠋ᠨ ᠣᠯᠠᠨ ᠪᠤᠶᠤ 316᠂624 ᠤᠳᠠᠭᠠ ᠦᠢᠯᠡᠴᠢᠯᠡᢉᠡ ᠠᠪᠴᠡᠢ᠃
ᠢᠷᢉᠡᠨ ᠲᠠ ᠢ-ᠮᠣᠩᠭᠣᠯᠢᠶᠠ ᠰᠢᠰᠲ᠋ᠧᠮ ᠡᠴᠡ 21 ᠠᠶᠢᠮᠠᠭ ᠤ᠋ᠨ ᠴᠠᠭ ᠠᠭᠠᠷ ᠤ᠋ᠨ 5 ᠬᠣᠨᠤᠭ ᠤ᠋ᠨ ᠤᠷᠢᠳᠴᠢᠯᠠᠭᠰᠠᠨ ᠮᠡᠳᠡᢉᠡ ᠶ᠋ᠢ ᠬᠠᠷᠠᠵᠤ ᠪᠣᠯᠬᠤ ᠠ᠋ᠴᠠ ᠭᠠᠳᠠᠨᠠ ᠠᠭᠠᠷ ᠤ᠋ᠨ ᠴᠢᠨᠠᠷ ᠤ᠋ᠨ ᠮᠡᠳᠡᢉᠡᠯᠡᠯ ᠢ᠋ ᠪᠦᢈᠦ ᠪᠠᠶᠢᠷᠢᠰᠢᠯ ᠠ᠋ᠴᠠ ᠴᠠᠭ ᠠᠯᠳᠠᠯ ᠦᢉᠡᠢ ᠤᠴᠠᠷᠠᠵᠤ ᠪᠣᠯᠵᠤᠰᠢ ᠦᢉᠡᠢ ᠡᠷᠦᠰᠳᠡᠯ ᠡᠴᠡ ᠤᠷᠢᠳᠴᠢᠯᠠᠨ ᠰᠡᠷᢉᠡᠶᠢᠯᠡᢉᠡᠷᠡᠢ᠃