“ᠢ-ᠮᠣᠩᠭᠤᠯ ᠠᠻᠠᠳ᠋ᠧᠮᠢ” ᠤᠲᠤᠭ 2025 ᠣᠨ ᠳ᠋ᠤ ᠲᠥᠷᠦ ᠶ᠋ᠢᠨ ᠪᠣᠯᠤᠨ ᠲᠥᠷᠦ ᠶ᠋ᠢᠨ ᠪᠤᠰᠤ ᠪᠠᠶᠢᠭᠤᠯᠤᠯᠭᠠ ᠨᠤᠭᠤᠳ ᠤ᠋ᠨ ᠬᠠᠮᠲᠤ ᠶ᠋ᠢᠨ ᠠᠵᠢᠯᠯᠠᠭᠠ ᠶ᠋ᠢ ᠪᠡᢈᠢᠵᠢᢉᠦᠯᢈᠦ᠂ ᠴᠠᠭᠠᠰᠢᠳᠠ ᠪᠦᠲᠦᢉᠡᢉᠳᠡᢈᠦᠨ ᠦᠢᠯᠡᠴᠢᠯᠡᢉᠡᠨ ᠦ᠋ ᠴᠢᠨᠠᠷ ᠲᠤ ᠠᠩᠬᠠᠷᠬᠤ᠂ ᠲᠥᠷᠦ ᠶ᠋ᠢᠨ ᠦᠢᠯᠡᠴᠢᠯᠡᢉᠡᠨ ᠦ᠋ ᢈᠦᠷᠲᠡᢉᠡᠮᠵᠢ᠂ ᢈᠢᠯᠪᠠᠷ ᠪᠠᠶᠢᠳᠠᠯ ᠢ᠋ ᠨᠡᠮᠡᢉᠳᠡᢉᠦᠯᢈᠦ ᠴᠢᢉᠯᠡᠯ ᠢ᠋ᠶᠡᠷ ᠱᠠᠲᠤ ᠳᠠᠷᠠᠭᠠ ᠲᠠᠢ ᠠᠭᠤᠯᠵᠠᠯᠲᠠ ᠨᠤᠭᠤᠳ ᠢ᠋ ᠵᠣᢈᠢᠶᠠᠨ ᠪᠠᠶᠢᠭᠤᠯᠵᠤ ᠪᠠᠶᠢᠨᠠ᠃ ᠳᠡᢉᠡᠷᠡᢈᠢ ᠴᠢᢉᠯᠡᠯ ᠦ᠋ᠨ ᢈᠦᠷᠢᠶ ᠡᠨ ᠳ᠋ᠦ /2025᠂03᠂26/ ᠨᠡᠶᠢᠰᠯᠡᠯ ᠦ᠋ᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ ᠤ᠋ᠨ ᠤᠳᠤᠷᠢᠳᠤᠯᠭᠠ᠂ ᠠᠯᠪᠠ ᠬᠠᠭᠠᠭᠴᠢᠳ ᠲᠠᠢ ᠠᠭᠤᠯᠵᠠᠵᠤ ᠰᠠᠨᠠᠯ ᠰᠣᠯᠢᠯᠴᠠᠯᠠ᠃ ᠠᠭᠤᠯᠵᠠᠯᠲᠠ ᠳ᠋ᠤ “ᠢ-ᠮᠣᠩᠭᠤᠯ ᠠᠻᠠᠳ᠋ᠧᠮᠢ” ᠤᠲᠤᠭ- ᠤ᠋ᠨ ᠵᠠᢈᠢᠷᠤᠯ ᠪᠠ᠂ ᠮᠢᠭᠮᠠᠷᠨᠠᠷᠠᠨ᠂ ᠰᠤᠷᠭᠠᠯᠲᠠ᠂ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠳᠠᠷᠤᠭᠠ ᠨ᠃ ᠲᠥᠷᠦᠪᠠᠲᠤ᠂ ᠭᠠᠳᠠᠭᠠᠳᠤ ᠬᠠᠷᠢᠯᠴᠠᠭᠠ᠂ ᠬᠠᠮᠲᠤ ᠶ᠋ᠢᠨ ᠠᠵᠢᠯᠯᠠᠭᠠᠨ ᠤ᠋ ᠭᠠᠵᠠᠷ ᠤ᠋ᠨ ᠳᠠᠷᠤᠭᠠ ᠭ᠃ ᠥᠨᠢᠷᠴᠡᠴᠡᢉ᠂ ᠨᠡᠶᠢᠰᠯᠡᠯ ᠦ᠋ᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ ᠤ᠋ᠨ ᠲᠧᠻᠨᠣᠯᠣᢉᠢ ᠰᠢᠰᠲ᠋ᠧᠮ ᢈᠥᢉᠵᠢᢉᠦᠯᠦᠯᠲᠡ ᠶ᠋ᠢᠨ ᢈᠡᠯᠲᠡᠰ ᠦ᠋ᠨ ᠳᠠᠷᠤᠭᠠ ᠡ᠂ᠨᠠᠰᠤᠨᠪᠠᠲᠤ᠂ ᠠᠬᠠᠯᠠᠬᠤ ᠮᠡᠷᢉᠡᠵᠢᠯᠲᠡᠨ ᠰᠠ᠂ᠠᠯᠲᠠᠨᠵᠤᠯᠠ ᠪᠣᠯᠤᠨ ᠬᠣᠯᠪᠤᠭᠳᠠᠬᠤ ᠠᠯᠪᠠᠨ ᠬᠠᠭᠠᠭᠴᠢᠳ ᠣᠷᠤᠯᠴᠠᠪᠠ᠃ ᠢ-ᠮᠣᠩᠭᠣᠯᠢᠶᠠ ᠰᠢᠰᠲ᠋ᠧᠮ ᠳ᠋ᠦ ᠥᠨᠦᠳᠦᠷ ᠦ᠋ᠨ ᠪᠠᠶᠢᠳᠠᠯ ᠢ᠋ᠶᠠᠷ ᠨᠡᠶᠢᠲᠡ 88 ᠪᠠᠶᠢᠭᠤᠯᠤᠯᠭᠠ ᠶ᠋ᠢᠨ 1264 ᠦᠢᠯᠡᠴᠢᠯᠡᢉᠡ ᠨᠡᠪᠲᠡᠷᠡᢉᠰᠡᠨ ᠪᠠᠶᠢᠭᠠ ᠪᠥᢉᠡᠳ ᠡᢉᠦᠨ ᠦ᠋ 14% ᠪᠤᠶᠤ 173 ᠦᠢᠯᠡᠴᠢᠯᠡᢉᠡ ᠶ᠋ᠢ ᠨᠡᠶᠢᠰᠯᠡᠯ ᠦ᠋ᠨ ᠪᠠᠶᠢᠭᠤᠯᠤᠯᠭᠠ ᠨᠤᠭᠤᠳ ᠠ᠋ᠴᠠ ᠣᠯᠭᠠᠳᠠᠭ ᠦᠢᠯᠡᠴᠢᠯᠡᢉᠡ ᠡᠵᠡᠯᠡᠵᠦ ᠪᠠᠶᠢᠨᠠ᠃ ᠲᠤᠰ 173 ᠦᠢᠯᠡᠴᠢᠯᠡᢉᠡ ᠪᠦᢉᠦᠳᠡ 2 ᠱᠠᠲᠤᠯᠠᠯᠲᠠ ᠪᠥᢉᠡᠳ ᠲᠥᠯᠦᠪᠦᠷᠢ ᠲᠡᠢ ᠦᠢᠯᠡᠴᠢᠯᠡᢉᠡ 77᠂ ᠲᠥᠯᠦᠪᠦᠷᠢ ᠦᢉᠡᠢ 96 ᠦᠢᠯᠡᠴᠢᠯᠡᢉᠡ ᠪᠠᠶᠢᠨᠠ᠃ ᠲᠡᠶᠢᠮᠦ ᠡᠴᠡ ᠥᠨᠦᠳᠦᠷ ᠦ᠋ᠨ ᠠᠭᠤᠯᠵᠠᠯᠲᠠ ᠪᠠᠷ ᠨᠡᠶᠢᠰᠯᠡᠯ ᠡᠴᠡ ᠦᠵᠡᢉᠦᠯᠵᠦ ᠪᠤᠢ ᠲᠥᠷᠦ ᠶ᠋ᠢᠨ ᠦᠢᠯᠡᠴᠢᠯᠡᢉᠡ ᠶ᠋ᠢ ᠰᠠᠶᠢᠵᠢᠷᠠᠭᠤᠯᠬᠤ᠂ ᠢᠷᢉᠡᠳ ᠢᠯᠡᢉᠦᠦ ᢈᠦᠷᠲᠡᢉᠡᠮᠵᠢᠲᠡᠢ᠂ ᠲᠦᠷᢉᠡᠨ ᠰᠢᠭᠤᠷᠬᠠᠢ ᠪᠣᠯᠭᠠᠬᠤ ᠲᠠᠯᠠ ᠳᠡᢉᠡᠷᠡ ᠣᠨᠴᠠᠯᠠᠨ ᠠᠩᠬᠠᠷᠬᠤ ᠱᠠᠭᠠᠷᠳᠠᠯᠭᠠᠲᠠᠢ ᠪᠥᢉᠡᠳ ᠨᠡᠪᠲᠡᠷᠡᢉᠰᠡᠨ ᠪᠠᠶᠢᠭᠠ ᠦᠢᠯᠡᠴᠢᠯᠡᢉᠡ ᠨᠦ᠋ᢉᠦᠳ ᠳᠡᢉᠡᠷᠡ ᠳᠠᢈᠢᠨ ᠵᠠᠭᠪᠤᠷᠴᠢᠯᠠᠯ ᢈᠢᠵᠦ ᠱᠠᠲᠤ ᠳᠠᠷᠠᠭᠠᠯᠠᠯ ᠢ᠋ ᠪᠠᠭᠤᠷᠠᠭᠤᠯᠬᠤ᠂ ᠲᠥᠷᠦ ᠶ᠋ᠢᠨ ᠦᠢᠯᠡᠴᠢᠯᠡᢉᠡᠨ ᠦ᠋ ᢈᠦᠰᠡᠯᠲᠡ ᠶ᠋ᠢ ᢈᠦᠯᠢᠶᠡᠨ ᠠᠪᠴᠤ᠂ ᠰᠢᠢᠳᠪᠦᠷᠢ ᠭᠠᠷᠭᠠᠵᠤ ᠪᠠᠶᠢᠭᠠ ᠠᠯᠪᠠᠨ ᠬᠠᠭᠠᠭᠴᠢᠳ ᠢ᠋ ᠴᠢᠳᠠᠪᢈᠢᠵᠢᠭᠤᠯᠬᠤ᠂ᠬᠣᠶᠠᠷ ᠱᠠᠲᠤᠯᠠᠯᠲᠤ ᠦᠢᠯᠡᠴᠢᠯᠡᢉᠡ ᠶ᠋ᠢ ᠢᠷᢉᠡᠳ ᠢᠯᠡᢉᠦᠦ ᢈᠢᠯᠪᠠᠷ ᠢ᠋ᠶᠠᠷ ᠠᠪᠬᠤ ᠪᠣᠯᠤᠮᠵᠢ ᠶ᠋ᠢ ᠰᠤᠳᠤᠯᠬᠤ᠂ ᠪᠦᠷᠢᠳᠦᢉᠦᠯᢈᠦ ᠲᠠᠯᠠ ᠳᠡᢉᠡᠷᠡ ᠠᠩᠬᠠᠷᠴᠤ ᠬᠠᠮᠲᠤᠷᠠᠨ ᠠᠵᠢᠯᠯᠠᠬᠤ ᠶᠤᠮ᠃ ᠲᠥᠷᠦ ᠶ᠋ᠢᠨ ᠦᠶᠢᠯᠡᠴᠢᠯᠡᢉᠡ ᠶ᠋ᠢ ᠲᠠᠨ ᠤ᠋ ᠭᠠᠷ ᠲᠤ ᠢ-ᠮᠣᠩᠭᠣᠯᠢᠶᠠ
ᠲᠥᠷᠦ ᠶ᠋ᠢᠨ ᠦᠢᠯᠡᠴᠢᠯᠡᢉᠡᠨ ᠦ᠋ ᢈᠦᠷᠲᠡᢉᠡᠮᠵᠢ᠂ ᢈᠢᠯᠪᠠᠷ ᠪᠠᠶᠢᠳᠠᠯ ᠢ᠋ ᠨᠡᠮᠡᢉᠳᠡᢉᠦᠯᢈᠦ ᠵᠣᠷᠢᠯᠭᠠ ᠪᠠᠷ ᠨᠡᠶᠢᠰᠯᠡᠯ ᠦ᠋ᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ ᠲᠠᠢ ᠠᠭᠤᠯᠵᠠᠯᠲᠠ ᠵᠣᢈᠢᠶᠠᠨ ᠪᠠᠶᠢᠭᠤᠯᠤᠯᠠ᠃

ᠨᠡᠶᠢᠲᠡᠯᠡᠭᠰᠡᠨ᠄