ᠵᠥᠷᠢᠴᠡᠯ ᠲᠡᠢ ᠸᠧᠪ ᠬᠠᠭᠤᠳᠠᠰᠤ ᠬᠠᠭᠠᠯᠭᠠᠬᠤ ᢈᠦᠰᠡᠯᠲᠡ ᠶ᠋ᠢ E-Mongolia ᠰᠢᠰᠲ᠋ᠧᠮ ᠢ᠋ᠶᠡᠷ ᢈᠦᠯᠢᠶᠡᠨ ᠠᠪᠳᠠᠭ ᠪᠣᠯᠤᠯ᠎ᠠ


ᠥᠨᠦ ᠶ᠋ᠢᠨ ᠳ᠋ᠢᠵᠢᠲ᠋ᠠᠯ ᠡᠷᠢᠨ ᠵᠠᠭᠤᠨ ᠳ᠋ᠤ ᠪᠢᠳᠡᠨ ᠦ᠋ ᠠᠮᠢᠳᠤᠷᠠᠯ ᠢᠨ᠋ᠲ᠋ᠧᠷᠨᠧᠲ ᠲᠡᠢ ᠨᠢᠭᠲᠠ ᠬᠣᠯᠪᠤᠭ᠎ᠠ ᠲᠠᠢ ᠪᠣᠯᠵᠤ᠂ ᠬᠠᠷᠢᠯᠴᠠᠭ᠎ᠠ ᠬᠣᠯᠪᠤᠭ᠎ᠠ᠂ ᠬᠤᠳᠠᠯᠳᠤᠭ᠎ᠠ ᠨᠠᠶᠢᠮᠠᠢ᠂ ᠪᠠᠩᠻᠢ ᠰᠠᠩᢈᠦᠦ᠂ ᠡᠷᠡᢉᠦᠯ ᠮᠡᠨᠳᠦ ᢉᠡᢈᠦ ᠮᠡᠲᠦ ᠪᠦᢈᠦᠢ ᠯᠠ ᠰᠠᠯᠪᠤᠷᠢ ᠨᠤᠭᠤᠳ ᠲᠤ ᠠᠰᠢᠭᠯᠠᠵᠤ ᠪᠠᠶᠢᠭ᠎ᠠ᠃  ᠢᠨ᠋ᠲ᠋ᠧᠷᠨ᠋ᠧᠲ ᠦ᠋ᠨ ᠶᠢᠷᠲᠢᠨᠴᠦ ᠪᠡᠷ ᠠᠶᠠᠯᠠᠬᠤ ᠲᠤᠰᠤᠮ ᠪᠢᠳᠡᠨ ᠦ᠋ ᠬᠤᠪᠢᠶᠠᠯᠴᠠᠭᠰᠠᠨ ᠥᢉᢉᠦᢉᠳᠡᠯ ᠦ᠋ᠳ ᠨᠢ ᠡᠷᢉᠢᢉᠡᠳ ᠬᠠᠯᠳᠠᠯᠭ᠎ᠠ ᠵᠥᠷᠢᠴᠡᠯ ᠳ᠋ᠦ ᠥᠷᠲᠦᠮᠡᠲᠡᢉᠡᠢ ᠪᠣᠯᠭᠠᠵᠤ᠂ ᠢᠷᢉᠡᠳ ᠬᠤᠪᠢ ᠶ᠋ᠢᠨ ᠥᢉᢉᠦᢉᠳᠡᠯ ᠢ᠋ᠶᠡᠨ ᠬᠠᠮᠠᠭᠠᠯᠠᠬᠤ ᠲᠠᠯᠠᠭᠠᠷ ᠮᠡᠳᠡᢉᠡᠯᠡᠯ ᠲᠡᠢ ᠪᠠᠶᠢᠬᠤ ᠵᠠᠶᠢᠯᠠᠰᠢ ᠦᢉᠡᠢ ᠱᠠᠭᠠᠷᠳᠠᠯᠭ᠎ᠠ ᠲᠠᠢ ᠪᠣᠯᠵᠤ ᠪᠠᠶᠢᠨ᠎ᠠ᠃  2012 – 2025 ᠣᠨ ᠤ᠋ ᠬᠣᠭᠤᠷᠤᠨᠳᠤ ᠡᠷᢈᠡ ᠪᠦᢈᠦᠢ ᠪᠠᠶᠢᠭᠤᠯᠤᠯᠭ᠎ᠠ ᠶ᠋ᠢᠨ ᠳ᠋ᠦᠩᠨᠡᠯᠲᠡ᠂ ᠰᠢᠢᠳᠪᠦᠷᠢ ᠶ᠋ᠢᠨ ᠳᠠᠭᠠᠭᠤ ᠨᠡᠶᠢᠲᠡ ᠴᠠᢈᠢᠮ ᠮᠥᠷᠦᠢ ᠲᠡᠢ ᠲᠣᠭᠯᠠᠭᠠᠮ ᠤ᠋ᠨ ᠨᠡᠶᠢᠲᠡ 6036 ᠳᠣᠮᠧᠶᠢᠨ ᠬᠠᠶ᠋ᠢᠭ ᠤ᠋ᠨ ᠮᠣᠩᠭᠣᠯ ᠤᠯᠤᠰ ᠠ᠋ᠴᠠ ᠬᠠᠨᠳᠤᠬᠤ ᠬᠠᠨᠳᠤᠯᠲᠠ ᠶ᠋ᠢ ᢈᠢᠵᠠᠭᠠᠷᠯᠠᠭᠰᠠᠨ ᢉᠡᢈᠦ ᠲᠣᠭᠠᠨ ᠮᠡᠳᠡᢉᠡᠯᠡᠯ ᠪᠠᠶᠢᠭ᠎ᠠ ᠶᠤᠮ᠃  “ᠢ-ᠮᠣᠩᠭᠤᠯ ᠠᠻᠠᠳ᠋ᠧᠮᠢ” ᠤᠲᠤᠭ ᠨᠢ ᠴᠠᢈᠢᠮ ᠰᠢᠯᠵᠢᠯᠲᠡ ᠶ᠋ᠢ ᠳᠡᠮᠵᠢᢈᠦ᠂ ᠴᠠᠭᠳᠠᠭ᠎ᠠ ᠶ᠋ᠢᠨ ᠪᠠᠶᠢᠭᠤᠯᠤᠯᠭ᠎ᠠ ᠶ᠋ᠢᠨ ᠦᠶᠢᠯᠡ ᠠᠵᠢᠯᠯᠠᠭᠠᠨ ᠤ᠋ ᠠᠴᠢᠶᠠᠯᠠᠯ ᠢ᠋ ᠪᠠᠭᠤᠷᠠᠭᠤᠯᠵᠤ᠂ ᠢᠷᢉᠡᠳ ᠲᠦ ᢈᠢᠯᠪᠠᠷ᠂ ᠲᠦᠷᢉᠡᠨ ᠰᠢᠭᠤᠷᠬᠠᠢ ᠦᠢᠯᠡᠴᠢᠯᠡᢉᠡ ᠦᠵᠡᢉᠦᠯᢈᠦ ᠪᠣᠯᠤᠮᠵᠢ ᠶ᠋ᠢ ᠨᠡᠮᠡᢉᠳᠡᢉᠦᠯᢈᠦ᠂ ᢉᠡᠮᠲᠦ ᢈᠡᠷᠡᢉ ᠵᠥᠷᠢᠴᠡᠯ ᠡᠴᠡ ᠤᠷᠢᠳᠴᠢᠯᠠᠨ ᠰᠡᠷᢉᠡᠶᠢᠯᠡᢈᠦ ᠠᠵᠢᠯ ᠤ᠋ᠨ ᢈᠦᠷᠢᠶ ᠡᠨ ᠳ᠋ᠦ ᠼᠧᢉ- ᠤ᠋ᠨ ᠡᠷᠡᢉᠦᠦ ᠶ᠋ᠢᠨ ᠴᠠᠭᠳᠠᠭ᠎ᠠ ᠶ᠋ᠢᠨ ᠠᠯᠪᠠᠨ ᠤ᠋ ᠻᠢᠪᠧᠷ ᢉᠡᠮᠲᠦ ᢈᠡᠷᠡᢉ ᠲᠡᠢ ᠲᠡᠮᠡᠴᠡᢈᠦ ᠭᠠᠵᠠᠷ᠂ ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ ᠲᠠᠢ ᠬᠠᠮᠲᠤᠷᠠᠨ ᠵᠥᠷᠢᠴᠡᠯ ᠲᠡᠢ ᠸᠧᠪ ᠬᠠᠭᠤᠳᠠᠰᠤ ᠬᠠᠭᠠᠬᠤ ᢈᠦᠰᠡᠯᠲᠡ ᠶ᠋ᠢ ᠴᠠᢈᠢᠮᠵᠢᠭᠤᠯᠤᠯ᠎ᠠ᠃ ᠲᠤᠰ ᠦᠢᠯᠡᠴᠢᠯᠡᢉᠡ ᠨᠢ ᠢᠷᢉᠡᠳ ᠡᠴᠡ ᠢᠷᠡᢉᠦᠯᠦᢉᠰᠡᠨ ᠵᠥᠷᠢᠴᠡᠯᠲᠡᠢ ᠴᠠᢈᠢᠮ ᠬᠠᠭᠤᠳᠠᠰᠤᠨ ᠤ᠋ ᠮᠡᠳᠡᢉᠡᠯᠡᠯ ᠢ᠋ ᢈᠦᠯᠢᠶᠡᠨ ᠠᠪᠴᠤ ᠰᠢᠯᠭᠠᠭᠠᠳ ᠵᠥᠷᠢᠴᠡᠯᠲᠡᠢ ᢉᠡᠵᠦ ᠦᠵᠡᠪᠡᠯ ᠬᠠᠭᠠᠬᠤ ᠦᠢᠯᠡᠴᠢᠯᠡᢉᠡ ᠶᠠᠭᠤᠮ᠎ᠠ᠃  ᠢᠷᢉᠡᠨ ᠲᠠ ᠳᠠᠷᠠᠭᠠᢈᠢ ᠲᠥᠷᠦᠯ ᠦ᠋ᠳ ᠡᠴᠡ ᠰᠣᠩᠭᠤᠭᠠᠳ᠂ ᠵᠥᠷᠢᠴᠡᠯᠲᠡᠢ ᠸᠧᠪ ᠦ᠋ᠨ ᠯᠢᠨ᠋ᠻ ᠢ᠋ ᠨᠣᠲᠠᠯᠠᠬᠤ ᠪᠠᠷᠢᠮᠲᠠ᠂ ᠲᠠᠶᠢᠯᠪᠤᠷᠢ ᠲᠠᠢ ᠪᠠᠨ ᠪᠢᠴᠢᢉᠡᠳ ᢈᠦᠰᠡᠯᠲᠡ ᠪᠡᠨ ᠢᠯᠡᢉᠡᠨ᠎ᠡ᠃  ᠲᠣᠳᠤᠷᠠᠭᠤᠯᠪᠠᠯ:
– ᠮᠥᠷᠦᠢ ᠲᠡᠢ ᠲᠣᠭᠯᠠᠭᠠᠮ
– ᠴᠠᢈᠢᠮ ᠵᠠᠯᠢᠯᠠᠨ
– ᠬᠤᠳᠠᠯ ᠮᠡᠳᠡᢉᠡᠯᠡᠯ ᠲᠠᠷᠠᠭᠠᠬᠤ
– ᠲᠧᠷᠷᠤᠷᠢᠰᠮ
– ᠰᠠᠳᠤᠷ ᠰᠠᠮᠠᠭᠤᠨ ᠢ᠋ ᠰᠤᠷᠲᠠᠯᠴᠢᠯᠠᠬᠤ
– ᠬᠠᠭᠤᠷᠮᠠᠴᠢ ᠹᠧᠶᠢᠰᠪᠦ᠋ᠦ᠋ᠻ ᠬᠠᠶ᠋ᠢᠭ ᠵᠥᠷᠢᠴᠡᠯ ᠲᠡᠢ ᠸᠧᠪ ᠬᠠᠭᠤᠳᠠᠰᠤ ᠬᠠᠭᠠᠬᠤ ᢈᠦᠰᠡᠯᠲᠡ ᠢᠯᠡᢉᠡᢈᠦ ᠶ᠋ᠢᠨ ᠲᠤᠯᠠ ᠲᠠ ᠥᠪᠡᠷ ᠦ᠋ᠨ ᠪᠦᠷᠢᠳᢈᠡᠯ ᠲᠡᠢ ᠬᠠᠶᠢᠭ ᠢ᠋ᠶᠠᠷ E-Mongolia ᠰᠢᠰᠲ᠋ᠧᠮ ᠳ᠋ᠦ ᠨᠡᠪᠲᠡᠷᠡᠨ ᠣᠷᠤᠵᠤ ᠬᠠᠶᠢᠯᠲᠠ ᠶ᠋ᠢᠨ ᢈᠡᠰᠡᢉ ᠲᠦ “ᠵᠥᠷᠢᠴᠡᠯ ᠲᠡᠢ ᠸᠧᠪ ᠬᠠᠭᠤᠳᠠᠰᠤ ᠬᠠᠭᠠᠯᠭᠠᠬᠤ ᢈᠦᠰᠡᠯᠲᠡ” ᠦᠢᠯᠡᠴᠢᠯᠡᢉᠡ ᠤᠷᠤᠭᠤ ᠣᠷᠤᠭᠠᠳ ᠭᠠᠷᠴᠤ ᠢᠷᠡᢉᠰᠡᠨ ᠲᠠᠯᠠᠪᠤᠷ ᠤ᠋ᠨ ᠲᠥᠷᠦᠯ ᠦ᠋ᠳ ᠡᠴᠡ ᠰᠣᠩᠭᠤᠯᠲᠠ ᠪᠠᠨ ᢈᠢᠨ᠂ ᠱᠠᠭᠠᠷᠳᠠᠯᠭᠠᠲᠠᠢ ᠨᠣᠲᠠᠯᠠᠬᠤ ᠪᠠᠷᠢᠮᠲᠠ ᠶ᠋ᠢ ᠬᠠᠪᠰᠤᠷᠭᠠᠨ ᢈᠦᠰᠡᠯᠲᠡ ᠪᠡᠨ ᠢᠯᠡᢉᠡᢈᠦ ᠪᠣᠯᠤᠮᠵᠢ ᠲᠠᠢ᠃  ᢈᠦᠰᠡᠯᠲᠡ ᠢᠯᠡᢉᠡᢈᠦ ᠯᠢᠨᠻ:

ᠨᠡᠶᠢᠲᠡᠯᠡᠭᠰᠡᠨ᠄