ᠠᠯᠲᠠᠨᠪᠤᠯᠠᠭ ᠴᠢᠯᠦᢉᠡᠲᠦ ᠪᠦᠰᠡ ᠳ᠋ᠦ ᠦᠶᠢᠯᠡ ᠠᠵᠢᠯᠯᠠᠭ᠎ᠠ ᠡᠷᢈᠢᠯᠡᢈᠦ ᠵᠥᠪᠰᠢᠶᠡᠷᠡᠯ ᠣᠯᠭᠠᠬᠤ ᠦᠶᠢᠯᠡᠴᠢᠯᠡᢉᠡ ᠶ᠋ᠢ E-Business ᠰᠢᠰᠲ᠋ᠧᠮ ᠡᠴᠡ ᠠᠪᠬᠤ ᠪᠣᠯᠤᠮᠵᠢ ᠲᠠᠢ ᠪᠣᠯᠤᠯ᠎ᠠ


“ᠠᠯᠤᠰ ᠤ᠋ᠨ ᠬᠠᠷᠠᠭ᠎ᠠ-᠒᠐᠕᠐” ᠮᠣᠩᠭᠣᠯ ᠤᠯᠤᠰ ᠤ᠋ᠨ ᠤᠷᠲᠤ ᠬᠤᠭᠤᠴᠠᠭᠠᠨ ᠤ᠋ ᢈᠥᢉᠵᠢᠯ ᠦ᠋ᠨ ᠪᠣᠳᠤᠯᠭ᠎ᠠ᠂ᠴᠠᢈᠢᠮ ᠮᠣᠩᠭᠣᠯ ᠦᠨᠳᠦᠰᠦᠨ ᠦ᠋ ᢈᠥᠲᠦᠯᠪᠦᠷᠢ ᠶ᠋ᠢᠨ ᢈᠦᠷᠢᠶ ᠡᠨ ᠳ᠋ᠦ “ᠠᠯᠲᠠᠨᠪᠤᠯᠠᠭ” ᠴᠢᠯᠦᢉᠡᠲᠦ ᠪᠦᠰᠡ ᠶ᠋ᠢᠨ ᠦᠢᠯᠡ ᠠᠵᠢᠯᠯᠠᠭ᠎ᠠ ᠶ᠋ᠢ ᠴᠠᢈᠢᠮᠵᠢᠭᠤᠯᠬᠤ ᠴᠣᠭᠴᠠ ᠰᠢᠶᠢᠳᠦᠯ ᠢ᠋ ᠱᠠᠲᠤ ᠳᠠᠷᠠᠭᠠᠯᠠᠭᠰᠠᠨ ᠠᠷᠭ᠎ᠠ ᢈᠡᠮᠵᠢᠶ᠎ᠡ ᠶ᠋ᠢ ᢈᠡᠷᠡᢉᠵᠢᢉᠦᠯᠦᠨ ᠠᠵᠢᠯᠯᠠᠵᠤ ᠪᠠᠶᠢᠨ᠎ᠠ᠃  ᠲᠤᠰ ᠠᠵᠢᠯ ᠤ᠋ᠨ ᢈᠦᠷᠢᠶ ᠡᠨ ᠳ᠋ᠦ “ᠢ-ᠮᠣᠩᠭᠤᠯ ᠠᠻᠠᠳ᠋ᠧᠮᠢ” ᠤᠲᠤᠭ ᠪᠣᠯᠤᠨ ᠠᠯᠲᠠᠨᠪᠤᠯᠠᠭ ᠴᠢᠯᠦᢉᠡᠲᠦ ᠪᠦᠰᠡ ᠶ᠋ᠢᠨ ᠵᠠᢈᠢᠷᠤᠭᠴᠢ ᠶ᠋ᠢᠨ ᠠᠵᠢᠯ ᠤ᠋ᠨ ᠠᠯᠪᠠ ᠬᠠᠮᠲᠤᠷᠠᠨ ᠳᠠᠷᠠᠭᠠᢈᠢ ᠒ ᠦᠶᠢᠯᠡᠴᠢᠯᠡᢉᠡ ᠶ᠋ᠢ E-Business᠃ mn ᠰᠢᠰᠲ᠋ᠧᠮ ᠳ᠋ᠦ ᠨᠡᠪᠲᠡᠷᠡᢉᠦᠯᠦᠯ᠎ᠡ:

  1. ᠴᠢᠯᠦᢉᠡᠲᠦ ᠪᠦᠰᠡ ᠳ᠋ᠦ ᠲᠠᠮᠠᢈᠢ ᠬᠤᠳᠠᠯᠳᠤᠬᠤ ᠦᠶᠢᠯᠡ ᠠᠵᠢᠯᠯᠠᠭ᠎ᠠ ᠡᠷᢈᠢᠯᠡᢈᠦ ᠵᠥᠪᠰᠢᠶᠡᠷᠡᠯ (ᠠᠵᠢᠯ ᠤ᠋ᠨ ᠑᠐ ᠬᠣᠨᠤᠭ)
  2. ᠴᠢᠯᠦᢉᠡᠲᠦ ᠪᠦᠰᠡ ᠳ᠋ᠦ ᠰᠣᠭᠲᠤᠭᠤᠷᠠᠭᠤᠯᠬᠤ ᠤᠮᠳᠠᠭ᠎ᠠ ᠬᠤᠳᠠᠯᠳᠤᠬᠤ᠂ ᠲᠡᢉᠦᠪᠡᠷ ᠦᠶᠢᠯᠡᠴᠢᠯᠡᢈᠦ ᠲᠤᠰᠬᠠᠢ ᠵᠥᠪᠰᠢᠶᠡᠷᠡᠯ (ᠠᠵᠢᠯ ᠤ᠋ᠨ ᠑᠐ ᠬᠣᠨᠤᠭ)

ᠦᠶᠢᠯᠡᠴᠢᠯᠡᢉᠡ ᠶ᠋ᠢ ᠠᠪᠬᠤ ᠶ᠋ᠢᠨ ᠲᠤᠯᠠᠳᠠ ᠠᠵᠤ ᠠᠬᠤᠢ ᠶ᠋ᠢᠨ ᠨᠢᢉᠡᠴᠡ E-Business᠃ mn ᠰᠢᠰᠲ᠋ᠧᠮ ᠳ᠋ᠦ ᠨᠡᠪᠲᠡᠷᠡᠵᠦ᠂ ᠨᠢᠭᠤᠷ ᠬᠠᠭᠤᠳᠠᠰᠤᠨ ᠳ᠋ᠤ ᠪᠠᠶᠢᠷᠢᠯᠠᠬᠤ ᠲᠤᠰᠬᠠᠢ ᠵᠥᠪᠰᠢᠶᠡᠷᠡᠯ ᢈᠡᠰᠡᢉ ᠡᠴᠡ ᠦᠢᠯᠡᠴᠢᠯᠡᢉᠡᠨ ᠦ᠋ ᠨᠡᠷ᠎ᠡ ᠶ᠋ᠢ ᠰᠣᠩᠭᠤᠨ᠂ ᠵᠢᠭᠠᠪᠤᠷᠢ ᠶ᠋ᠢᠨ ᠳᠠᠭᠠᠭᠤ ᠱᠠᠭᠠᠷᠳᠠᠯᠭᠠᠲᠠᠢ ᠮᠠᠲ᠋ᠧᠷᠢᠠᠯ ᠢ᠋ ᠬᠠᠪᠰᠤᠷᠭᠠᠵᠤ᠂ ᢈᠦᠰᠡᠯᠲᠡ ᠪᠡᠨ ᠢᠯᠡᢉᠡᠨ᠎ᠡ᠃ ᠲᠤᠰᠬᠠᠢ ᠵᠥᠪᠰᠢᠶᠡᠷᠡᠯ ᠬᠠᠷᠢᠭᠤᠴᠠᠭᠰᠠᠨ ᠮᠡᠷᢉᠡᠵᠢᠯᠲᠡᠨ ᢈᠦᠰᠡᠯᠲᠡ ᠶ᠋ᠢ ᢈᠦᠯᠢᠶᠡᠨ ᠠᠪᠴᠤ᠂ ᠪᠦᠷᠢᠳᠦᢉᠦᠯᠦᢉᠰᠡᠨ ᠮᠠᠲ᠋ᠧᠷᠢᠠᠯ ᠢ᠋ ᢈᠢᠨᠠᠨ ᠰᠢᠯᠭᠠᠨ᠎ᠠ᠃  ᠱᠠᠭᠠᠷᠳᠠᠯᠭ᠎ᠠ ᠬᠠᠩᠭᠠᠭᠰᠠᠨ ᠠᠵᠤ ᠠᠬᠤᠢ ᠶ᠋ᠢᠨ ᠨᠢᢉᠡᠴᠡ ᠶ᠋ᠢᠨ ᢈᠦᠰᠡᠯᠲᠡ ᠨᠢ ᠵᠠᢈᠢᠷᠭᠠᠨ ᠤ᠋ ᠵᠥᠪᠯᠡᠯ ᠦ᠋ᠨ ᠬᠤᠷᠠᠯ ᠢ᠋ᠶᠠᠷ ᠰᠢᠢᠳᠪᠦᠷᠢᠯᠡᢉᠳᠡᠨ ᠲᠤᠰᠬᠠᠢ ᠵᠥᠪᠰᠢᠶᠡᠷᠡᠯ᠂ ᠲᠥᠯᠦᠪᠦᠷᠢ ᠶ᠋ᠢᠨ ᠨᠡᢈᠡᠮᠵᠢᠯᠡᠯ ᠢ᠋ ᠠᠨ- ᠳ᠋ᠤ ᠰᠢᠶᠢᠳᠪᠦᠷᠢᠯᠡᢈᠦ ᠰᠢᠰᠲ᠋ᠧᠮ- ᠢ᠋ᠶᠡᠷ ᠬᠠᠪᠰᠤᠷᠭᠠᠵᠤ ᠢᠯᠡᢉᠡᠨ᠎ᠡ᠃  ᠬᠠᠷᠢᠨ ᠱᠠᠭᠠᠷᠳᠠᠯᠭ᠎ᠠ ᠬᠠᠩᠭᠠᠭᠠ ᠦᢉᠡᠢ ᠠᠵᠤ ᠠᠬᠤᠢ ᠶ᠋ᠢᠨ ᠨᠢᢉᠡᠴᠡ ᠶ᠋ᠢᠨ ᢈᠦᠰᠡᠯᠲᠡ ᠪᠤᠴᠠᠭᠠᠭᠳᠠᠬᠤ ᠶ᠋ᠢ ᠠᠩᠬᠠᠷᠤᠨ᠎ᠠ ᠤᠤ᠃

E-Business᠃ mn ᠰᠢᠰᠲ᠋ᠧᠮ ᠢ᠋ᠶᠡᠷ ᠡᠳᠡᢉᠡᠷ ᠦᠢᠯᠡᠴᠢᠯᠡᢉᠡ ᠨᠦ᠋ᢉᠦᠳ ᠢ᠋ ᠨᠡᠪᠲᠡᠷᠡᢉᠦᠯᠦᢉᠰᠡᠨ ᠢ᠋ᠶᠡᠷ᠂ ᠴᠠᠭᠠᠰᠤᠨ ᢈᠡᠯᠪᠡᠷᠢ ᠡᠴᠡ ᠴᠠᢈᠢᠮ ᢈᠡᠯᠪᠡᠷᠢ ᠳ᠋ᠦ ᠰᠢᠯᠵᠢᠵᠦ᠂ ᢈᠥᠷᠦᠩᢉᠡ ᠣᠷᠤᠭᠤᠯᠤᠭᠴᠢ ᠠᠨ ᠪᠣᠯᠤᠨ ᠢᠷᢉᠡᠳ ᠦ᠋ᠨ ᠬᠤᠪᠢ ᠳ᠋ᠤ ᠲᠥᠷᠦ ᠶ᠋ᠢᠨ ᠦᠢᠯᠡᠴᠢᠯᠡᢉᠡ ᠢᠯᠡᢉᠦᠦ ᢈᠢᠯᠪᠠᠷ᠂ ᠢᠯᠡ ᠲᠣᠳᠤ᠂ ᢈᠦᠷᠲᠡᢉᠡᠮᠵᠢ ᠲᠡᠢ ᠪᠣᠯᠵᠤ ᠪᠠᠶᠢᠨ᠎ᠠ᠃

ᠨᠡᠶᠢᠲᠡᠯᠡᠭᠰᠡᠨ᠄