ᠡᠷᠡᢉᠦᠯ ᠮᠡᠨᠳᠦ ᠶ᠋ᠢᠨ ᠳᠠᠭᠠᠳᠬᠠᠯ ᠲᠠᠢ ᠬᠣᠯᠪᠤᠭ᠎ᠠ ᠲᠠᠢ ᠔ ᠦᠢᠯᠡᠴᠢᠯᠡᢉᠡ ᠶ᠋ᠢ ᠴᠠᢈᠢᠮ ᠢ᠋ᠶᠠᠷ ᢈᠢᠯᠪᠠᠷ ᠠᠪᠬᠤ ᠪᠣᠯᠤᠮᠵᠢ ᠲᠠᠢ


ᠢ-ᠮᠣᠩᠭᠣᠯᠢᠶ᠎ᠠ ᠰᠢᠰᠲ᠋ᠧᠮ ᠡᠴᠡ ᠢᠷᢉᠡᠳ ᠥᠪᠡᠷ ᠲᠦ ᢈᠡᠷᠡᢉᠴᠡᢉᠡᠲᠡᠢ ᠨᠡᠶᠢᠲᠡ ᠘᠗ ᠪᠠᠶᠢᠭᠤᠯᠤᠯᠭ᠎ᠠ ᠶ᠋ᠢᠨ ᠑᠒᠖᠓ ᠦᠢᠯᠡᠴᠢᠯᠡᢉᠡ ᠶ᠋ᠢ ᠠᠪᠬᠤ ᠪᠣᠯᠤᠮᠵᠢ ᠪᠦᠷᠢᠳᠦᢉᠡᠳ ᠪᠠᠶᠢᠭ᠎ᠠ ᠪᠢᠯᠡ᠃  ᠡᢉᠦᠨ ᠡᠴᠡ ᠡᠮ ᠳ᠋ᠦ-ᠲᠠᠢ ᠬᠣᠯᠪᠤᠭ᠎ᠠ ᠲᠠᠢ ᠔ ᠦᠶᠢᠯᠡᠴᠢᠯᠡᢉᠡ ᠴᠠᢈᠢᠮᠵᠢᠭᠰᠠᠨ᠃  ᠢᠷᢉᠡᠳ ᠦ᠋ᠨ ᠬᠤᠪᠢ ᠳ᠋ᠤ ᠡᠷᠡᢉᠦᠯ ᠮᠡᠨᠳᠦ ᠶ᠋ᠢᠨ ᠳᠠᠭᠠᠳᠬᠠᠯ ᠤ᠋ᠨ ᠰᠢᠮᠡᠳᢈᠡᠯ ᠢ᠋ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠢ-ᠮᠣᠩᠭᠣᠯᠢᠶ᠎ᠠ ᠰᠢᠰᠲ᠋ᠧᠮ ᠢ᠋ᠶᠡᠷ ᠳᠠᠮᠵᠢᠭᠤᠯᠤᠨ ᠲᠥᠯᠦᢈᠦ ᠪᠣᠯᠤᠮᠵᠢ ᠲᠠᠢ ᠪᠣᠯᠤᠭᠰᠠᠨ ᠢ᠋ᠶᠠᠷ ᠢᠷᢉᠡᠳ ᠦ᠋ᠨ ᠬᠤᠪᠢ ᠳ᠋ᠤ ᠴᠠᠭ ᠬᠤᠭᠤᠴᠠᠭ᠎ᠠ ᠪᠣᠯᠤᠭᠠᠳ ᠪᠤᠰᠤᠳ ᠵᠠᠷᠤᠳᠠᠯ ᠢ᠋ ᢈᠡᠮᠨᠡᢉᠡᠳ ᠪᠠᠶᠢᠭ᠎ᠠ ᠪᠢᠯᠡ᠃  ᠢ-ᠮᠣᠩᠭᠣᠯᠢᠶ᠎ᠠ ᠰᠢᠰᠲ᠋ᠧᠮ ᠢ᠋ᠶᠡᠷ ᠡᠷᠡᢉᠦᠯ ᠮᠡᠨᠳᠦ ᠶ᠋ᠢᠨ ᠳᠠᠭᠠᠳᠬᠠᠯ ᠲᠠᠢ ᠬᠣᠯᠪᠤᠭᠠᠲᠠᠢ ᠶᠠᠮᠪᠠᠷ ᠦᠢᠯᠡᠴᠢᠯᠡᢉᠡ ᠨᠦ᠋ᢉᠦᠳ ᠠᠪᠴᠤ ᠪᠣᠯᠬᠤ ᠪᠤᠢ ?– ᠡᠷᠡᢉᠦᠯ ᠮᠡᠨᠳᠦ ᠶ᠋ᠢᠨ ᠳᠠᠭᠠᠳᠬᠠᠯ ᠤ᠋ᠨ ᠲᠥᠯᠦᠪᠦᠷᠢ ᠪᠡᠨ ᠲᠥᠯᠦᢈᠦ;
– ᠡᠷᠡᢉᠦᠯ ᠮᠡᠨᠳᠦ ᠶ᠋ᠢᠨ ᠳᠠᠭᠠᠳᠬᠠᠯ ᠢ᠋ᠶᠠᠷ ᠢ᠋ᠶᠠᠨ ᢈᠥᠩᢉᠡᠯᠡᠯᠲᠡ ᠠᠪᠤᠭᠰᠠᠨ ᠲᠤᠰᠠᠯᠠᠮᠵᠢ᠂ ᠦᠶᠢᠯᠡᠴᠢᠯᠡᢉᠡᠨ ᠦ᠋ ᠮᠡᠳᠡᢉᠡᠯᠡᠯ;
– ᠡᠷᠡᢉᠦᠯ ᠮᠡᠨᠳᠦ ᠶ᠋ᠢᠨ ᠳᠠᠭᠠᠳᠬᠠᠯ ᠢ᠋ᠶᠠᠷ ᠢ᠋ᠶᠠᠨ ᢈᠥᠩᢉᠡᠯᠡᠯᠲᠡ ᠲᠡᠢ ᠠᠪᠤᠭᠰᠠᠨ ᠲᠤᠰᠠᠯᠠᠮᠵᠢ᠂ ᠦᠶᠢᠯᠡᠴᠢᠯᠡᢉᠡᠨ ᠦ᠋ ᠲᠠᠯ᠎ᠠ ᠪᠠᠷ ᠭᠣᠮᠤᠳᠠᠯ ᠢᠯᠡᢉᠡᢈᠦ; 
– ᠡᠷᠡᢉᠦᠯ ᠮᠡᠨᠳᠦ ᠶ᠋ᠢᠨ ᠳᠠᠭᠠᠳᠬᠠᠯ ᠤ᠋ᠨ ᠲᠥᠯᠦᠯᠲᠡ ᠪᠡᠨ ᠰᠢᠯᠭᠠᠬᠤ ᠪᠣᠯᠤᠮᠵᠢ ᠲᠠᠢ᠃  ᠢ-ᠮᠣᠩᠭᠣᠯᠢᠶ᠎ᠠ ᠰᠢᠰᠲ᠋ᠧᠮ ᠢ᠋ᠶᠡᠷ ᠡᠷᠡᢉᠦᠯ ᠮᠡᠨᠳᠦ ᠶ᠋ᠢᠨ ᠳᠠᠭᠠᠳᠬᠠᠯ ᠢ᠋ᠶᠠᠨ ᠲᠥᠯᠦᢈᠦ ᠨᠢ ᠶᠠᠮᠪᠠᠷ ᠳᠠᠪᠠᠭᠤ ᠲᠠᠯ᠎ᠠ ᠲᠠᠢ ᠪᠤᠢ?

  • ᠴᠠᠭ ᠬᠤᠭᠤᠴᠠᠭ᠎ᠠ᠂ ᠵᠠᠷᠤᠳᠠᠯ ᢈᠡᠮᠨᠡᢈᠦ ᠢᠷᢉᠡᠳ ᢉᠡᠷ ᠡᠴᠡ ᠪᠡᠨ᠂ ᠣᠹᠹᠢᠰ ᠠ᠋ᠴᠠ ᠪᠠᠨ᠂ ᠡᠰᠡᠪᠡᠯ ᢈᠦᠰᠡᢉᠰᠡᠨ ᠭᠠᠵᠠᠷ ᠠ᠋ᠴᠠ ᠪᠠᠨ ᠴᠠᠭ ᠬᠤᠭᠤᠴᠠᠭ᠎ᠠ ᠪᠠᠨ ᢈᠡᠮᠨᠡᠨ ᠢ-ᠮᠣᠩᠭᠣᠯᠢᠶ᠎ᠠ ᠰᠢᠰᠲ᠋ᠧᠮ ᠢ᠋ᠶᠡᠷ ᠡᠷᠡᢉᠦᠯ ᠮᠡᠨᠳᠦ ᠶ᠋ᠢᠨ ᠳᠠᠭᠠᠳᠬᠠᠯ ᠤ᠋ᠨ ᠰᠢᠮᠡᠳᢈᠡᠯ ᠢ᠋ᠶᠡᠨ ᠲᠥᠯᠦᢈᠦ ᠪᠤᠰᠤᠳ ᠦᠢᠯᠡᠴᠢᠯᠡᢉᠡ ᠶ᠋ᠢ ᠠᠪᠬᠤ ᠪᠣᠯᠤᠮᠵᠢ ᠲᠠᠢ᠃
  • ᠪᠡᠶᠡᠴᠢᠯᠡᠨ ᠣᠴᠢᠬᠤ ᠱᠠᠭᠠᠷᠳᠠᠯᠭ᠎ᠠ ᠦᢉᠡᠢ ᠡᠷᠡᢉᠦᠯ ᠮᠡᠨᠳᠦ ᠶ᠋ᠢᠨ ᠳᠠᠭᠠᠳᠬᠠᠯ ᠤ᠋ᠨ ᠰᠢᠮᠡᠳᢈᠡᠯ ᠢ᠋ᠶᠡᠨ ᠲᠥᠯᠦᢈᠦ ᠶ᠋ᠢᠨ ᠲᠤᠯᠠᠳᠠ ᠵᠠᠪᠠᠯ ᠠᠶᠢᠮᠠᠭ᠂ ᠳᠡᢉᠦᠷᢉᠡ ᠶ᠋ᠢᠨ ᠡᠷᠡᢉᠦᠯ ᠮᠡᠨᠳᠦ ᠶ᠋ᠢᠨ ᠳᠠᠭᠠᠳᠬᠠᠯ ᠤ᠋ᠨ ᠭᠠᠵᠠᠷ ᠣᠴᠢᠵᠤ᠂ ᠳᠠᠭᠠᠳᠬᠠᠯ ᠤ᠋ᠨ ᢉᠡᠷᠡᠴᠢᠯᠡᢉᠡ ᠠᠪᠬᠤ ᠡᠰᠡᠪᠡᠯ ᠲᠥᠯᠦᠪᠦᠷᠢ ᢈᠢᢈᠦ ᠱᠠᠭᠠᠷᠳᠠᠯᠭ᠎ᠠ ᠦᢉᠡᠢ ᠪᠥᢉᠡᠳ ᠴᠠᢈᠢᠮ ᠢ᠋ᠶᠠᠷ ᠪᠦᢈᠦ ᠦᠶᠢᠯᠡ ᠶᠠᠪᠤᠴᠠ ᠶ᠋ᠢ ᢈᠢᠯᠪᠠᠷ ᠬᠠᠷᠠᠬᠤ᠂ ᢈᠢᠨᠠᠬᠤ ᠪᠣᠯᠤᠮᠵᠢ ᠪᠦᠷᠢᠳᠦᢉᠰᠡᠨ᠃
  • ᠡᠷᠡᢉᠦᠯ ᠮᠡᠨᠳᠦ ᠶ᠋ᠢᠨ ᠳᠠᠭᠠᠳᠬᠠᠯ ᠤ᠋ᠨ ᠲᠥᠯᠦᠯᠲᠡ ᠪᠡᠨ ᠰᠢᠯᠭᠠᠬᠤ ᠡᠷᠡᢉᠦᠯ ᠮᠡᠨᠳᠦ ᠶ᠋ᠢᠨ ᠳᠠᠭᠠᠳᠬᠠᠯ ᠤ᠋ᠨ ᠲᠥᠯᠦᠪᠦᠷᠢ ᠪᠡᠨ ᠲᠥᠯᠦᢉᠰᠡᠨ ᠦ᠋ ᠳᠠᠷᠠᠭ᠎ᠠ ᠲᠥᠯᠦᠯᠲᠡ ᠪᠡᠨ ᢈᠢᠨᠠᠬᠤ᠂ ᠰᠢᠯᠭᠠᠬᠤ ᠪᠣᠯᠤᠮᠵᠢ ᠲᠠᠢ᠃  ᠢᠷᢉᠡᠨ ᠲᠠ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠢ-ᠮᠣᠩᠭᠣᠯᠢᠶ᠎ᠠ ᠰᠢᠰᠲ᠋ᠧᠮ ᠳ᠋ᠦ ᠨᠡᠪᠲᠡᠷᠡᠨ ᠣᠷᠤᠵᠤ ᠡᠷᠡᢉᠦᠯ ᠮᠡᠨᠳᠦ ᠼᠧᠰᠧ ᠡᠴᠡ ᠡᠷᠡᢉᠦᠯ ᠮᠡᠨᠳᠦ ᠶ᠋ᠢᠨ ᠳᠠᠭᠠᠳᠬᠠᠯ ᢈᠡᠰᠡᢉ ᠦ᠋ᠨ ᠰᠣᠩᠭᠤᠨ ᠬᠠᠷᠠᠭᠳᠠᠬᠤ ᠲᠠᠯᠠᠪᠤᠷ ᠤ᠋ᠳ ᠠ᠋ᠴᠠ ᠥᠪᠡᠷ ᠲᠦ ᢈᠡᠷᠡᢉᠴᠡᢉᠡ ᠲᠡᠢ ᠮᠡᠳᠡᢉᠡᠯᠡᠯ ᠢ᠋ᠶᠡᠨ ᠠᠪᠤᠭᠠᠷᠠᠢ᠃
  • ᢈᠥᠩᢉᠡᠯᠡᠯᠲᠡ ᠲᠡᠢ ᠠᠪᠤᠭᠰᠠᠨ ᠲᠤᠰᠠᠯᠠᠮᠵᠢ᠂ ᠦᠶᠢᠯᠡᠴᠢᠯᠡᢉᠡᠨ ᠦ᠋ ᠮᠡᠳᠡᢉᠡᠯᠡᠯ
    E-Mongolia ᠰᠢᠰᠲ᠋ᠧᠮ ᠢ᠋ᠶᠡᠷ ᠡᠷᠡᢉᠦᠯ ᠮᠡᠨᠳᠦ ᠶ᠋ᠢᠨ ᠳᠠᠭᠠᠳᠬᠠᠯ ᠢ᠋ᠶᠠᠷ ᢈᠥᠩᢉᠡᠯᠡᠯᠲᠡ ᠠᠪᠤᠭᠰᠠᠨ ᠲᠤᠰᠠᠯᠠᠮᠵᠢ ᠦᠢᠯᠡᠴᠢᠯᠡᢉᠡ᠂ ᠡᠮᠴᠢᠯᠡᢉᠡᠨ ᠦ᠋ ᠲᠠᠯᠠᠭᠠᠷᢈᠢ ᠳᠡᠯᢉᠡᠷᠡᠩᢉᠦᠢ ᠮᠡᠳᠡᢉᠡᠯᠡᠯ ᠢ᠋ᠶᠡᠨ /ᠦᠨ᠎ᠡ ᠶ᠋ᠢᠨ ᠳ᠋ᠦᠩ᠂ ᠡᠮᠨᠡᠯᢉᠡ ᠶ᠋ᠢᠨ ᠨᠡᠷ᠎ᠡ᠂ ᠡᠮᠴᠢᠯᠡᢉᠡᠨ ᠦ᠋ ᠵᠠᠷᠤᠳᠠᠯ/ ᠬᠠᠷᠠᠵᠤ ᠪᠣᠯᠤᠨ᠎ᠠ᠃
  • ᠭᠣᠮᠤᠳᠠᠯ ᠭᠠᠷᠭᠠᠬᠤ ᠡᠷᢈᠡ ᠲᠡᠢ ᢈᠡᠷᠪᠡ ᠢᠷᢉᠡᠨ ᢈᠥᠩᢉᠡᠯᠡᠯᠲᠡ ᠲᠡᠢ ᠲᠤᠰᠠᠯᠠᠮᠵᠢ ᠦᠶᠢᠯᠡᠴᠢᠯᠡᢉᠡᠨ ᠦ᠋ ᠲᠠᠯᠠᠭᠠᠷ ᠶᠠᠮᠪᠠᠷ ᠨᠢᢉᠡᠨ ᠠᠰᠠᠭᠤᠳᠠᠯ ᠡᢉᠦᠰᠦᢉᠰᠡᠨ ᠲᠣᢈᠢᠶᠠᠯᠳᠤᠯ ᠳ᠋ᠤ ᠣᠩᠨᠠᠭ᠎ᠠ ᠶ᠋ᠢ ᠰᠣᠩᠭᠤᠨ E-Mongolia ᠰᠢᠰᠲ᠋ᠧᠮ ᠢ᠋ᠶᠡᠷ ᠭᠣᠮᠤᠳᠠᠯ ᠢᠯᠡᢉᠡᢈᠦ ᠪᠣᠯᠤᠮᠵᠢ ᠲᠠᠢ᠃  ᠮᠥᠨ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠢ᠋ᠶᠡᠷ ᠡᠷᠡᢉᠦᠯ ᠮᠡᠨᠳᠦ ᠶ᠋ᠢᠨ ᠳᠠᠭᠠᠳᠬᠠᠯ ᠤ᠋ᠨ ᠲᠥᠯᠦᠪᠦᠷᠢ ᠡᠴᠡ ᠭᠠᠳᠠᠨ᠎ᠠ ᠪᠤᠰᠤᠳ ᠲᠥᠷᠦᠯ ᠦ᠋ᠨ ᠳᠠᠭᠠᠳᠬᠠᠯ᠂ ᠲᠠᠲᠠᠪᠤᠷᠢ᠂ ᠲᠣᠷᠭᠠᠭᠤᠯᠢ᠂ ᠲᠥᠯᠦᠪᠦᠷᠢ ᠶ᠋ᠢ ᢈᠢᠯᠪᠠᠷ ᠰᠢᠭᠤᠷᠬᠠᠢ ᠲᠥᠯᠦᢈᠦ ᠪᠣᠯᠤᠮᠵᠢ ᠶ᠋ᠢ ᠣᠯᠭᠠᠭᠠᠳ ᠪᠠᠶᠢᠨ᠎ᠠ᠃  ᠳᠠᠰᠢᠷᠠᠮ ᠳ᠋ᠤ ᠳᠤᠷᠠᠳᠬᠤ ᠳ᠋ᠤ ᠒᠐᠒᠕ ᠣᠨ ᠤ᠋ ᠐᠔ ᠳ᠋ᠦ᠋ᢉᠡᠷ ᠰᠠᠷ᠎ᠠ ᠶ᠋ᠢᠨ ᠐᠑-ᠨᠡᢉᠡᢉᠡᠰᠦ ᠡᢈᠢᠯᠡᠨ ᢈᠥᠳᠡᠯᠮᠦᠷᠢ ᠶ᠋ᠢᠨ ᢈᠥᠯᠦᠰᠦᠨ ᠦ᠋ ᠳᠣᠭᠤᠳᠤ ᢈᠡᠮᠵᠢᠶ᠎ᠡ ᠗᠙᠒᠂᠐᠐᠐ ᠲᠥᢉᠦᠷᠢᢉ ᠪᠣᠯᠵᠤ ᠥᢉᠡᠷᠡᠴᠢᠯᠡᢉᠳᠡᢉᠰᠡᠨ ᠲᠡᠢ ᠬᠣᠯᠪᠤᠭ᠎ᠠ ᠲᠠᠢ ᠪᠠᠷ ᠡᠷᠡᢉᠦᠯ ᠮᠡᠨᠳᠦ ᠶ᠋ᠢᠨ ᠳᠠᠭᠠᠳᠬᠠᠯ ᠤ᠋ᠨ ᠰᠢᠮᠡᠳᢈᠡᠯ ᠦ᠋ᠨ ᠬᠤᠪᠢ ᢈᠡᠮᠵᠢᠶ᠎ᠡ ᠬᠣᠶᠠᠷ ᠬᠤᠪᠢ ᠪᠠᠷ ᠲᠣᠭᠠᠴᠠᠭᠳᠠᠨ ᠰᠢᠨᠡᠴᠢᠯᠡᢉᠳᠡᢉᠰᠡᠨ᠃  ᠲᠣᠳᠤᠷᠠᠭᠤᠯᠪᠠᠯ: ᠒᠐᠒᠕ ᠣᠨ ᠤ᠋ ᠐᠔ ᠳ᠋ᠦ᠋ᢉᠡᠷ ᠰᠠᠷ᠎ᠠ ᠶ᠋ᠢᠨ ᠐᠑-ᠨᠢ ᠡᠳᠦᠷ ᠡᠴᠡ ᠡᠷᠡᢉᠦᠯ ᠮᠡᠨᠳᠦ ᠶ᠋ᠢᠨ ᠳᠠᠭᠠᠳᠬᠠᠯ ᠳ᠋ᠤ ᠢᠷᢉᠡᠨ ᠰᠠᠷ᠎ᠠ ᠪᠦᠷᠢ ᠑᠕᠂᠘᠔᠐ ᠲᠥᢉᠦᠷᠢᢉ ᠲᠥᠯᠦᢈᠦ ᠶᠤᠮ᠃  ᠒᠐᠒᠕ ᠣᠨ ᠤ᠋ ᠡᠮ ᠳ᠋ᠦ- ᠤ᠋ᠨ ᠰᠢᠮᠡᠳᢈᠡᠯ ᠦ᠋ᠨ ᠬᠤᠪᠢ ᢈᠡᠮᠵᠢᠶ᠎ᠡ
  • ᠐᠑ ᠰᠠᠷ᠎ᠠ – ᠑᠓᠂᠒᠐᠐
  • ᠐᠒ ᠰᠠᠷ᠎ᠠ – ᠑᠓᠂᠒᠐᠐
  • ᠐᠓ ᠰᠠᠷ᠎ᠠ – ᠑᠓᠂᠒᠐᠐
  • ᠐᠔ ᠰᠠᠷ᠎ᠠ – ᠑᠕᠂᠘᠔᠐
  • ᠐᠕ ᠰᠠᠷ᠎ᠠ – ᠑᠕᠂᠘᠔᠐
  • ᠐᠖ ᠰᠠᠷ᠎ᠠ – ᠑᠕᠂᠘᠔᠐
  • ᠐᠗ ᠰᠠᠷ᠎ᠠ – ᠑᠕᠂᠘᠔᠐
  • ᠐᠘ ᠰᠠᠷ᠎ᠠ – ᠑᠕᠂᠘᠔᠐
  • ᠐᠙ ᠰᠠᠷ᠎ᠠ – ᠑᠕᠂᠘᠔᠐
  • ᠑᠐ ᠰᠠᠷ᠎ᠠ – ᠑᠕᠂᠘᠔᠐
  • ᠑᠑ ᠰᠠᠷ᠎ᠠ – ᠑᠕᠂᠘᠔᠐
  • ᠑᠒ ᠰᠠᠷ᠎ᠠ – ᠑᠕᠂᠘᠔᠐ ᠨᠡᠶᠢᠲᠡ ᠑᠘᠒᠂᠑᠖᠐ ᠲᠥᢉᠦᠷᠢᢉ ᠲᠥᠯᠦᢈᠦ ᠪᠡᠷ ᠪᠠᠶᠢᠨ᠎ᠠ᠃
ᠨᠡᠶᠢᠲᠡᠯᠡᠭᠰᠡᠨ᠄