E-Mongolia ᠰᠢᠰᠲ᠋ᠧᠮ ᠦ᠋ᠨ ᠒ ᠰᠠᠶ᠋ᠢ ᠳ᠋ᠠᢈᠢ ᢈᠡᠷᠡᢉᠯᠡᢉᠴᠢ ᠪᠡᠷ ᠴᠡ‍᠂ᠡᢉᠰᠢᢉᠯᠡᠨ ᠲᠣᠳᠤᠷᠠᠯ᠎ᠠ᠃


ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠲᠥᠷᠦ ᠶ᠋ᠢᠨ ᠦᠶᠢᠯᠡᠴᠢᠯᠡᢉᠡ ᠶ᠋ᠢ ᠴᠠᢈᠢᠮ ᢈᠡᠯᠪᠡᠷᠢ ᠳ᠋ᠦ ᠪᠦᠷᠢᠨ ᠰᠢᠯᠵᠢᢉᠦᠯᢈᠦ ᠵᠣᠷᠢᠯᠭ᠎ᠠ ᠪᠠᠷ ᠒᠐᠑᠙ ᠣᠨ ᠳ᠋ᠤ ᠰᠠᠨᠠᠭᠠᠴᠢᠯᠠᠨ ᢈᠡᠷᠡᢉᠵᠢᢉᠦᠯᠦᢉᠰᠡᠨ E-Mongolia ᠰᠢᠰᠲ᠋ᠧᠮ ᠨᠢ ᠢᠷᢉᠡᠳ ᠲᠦ ᢈᠢᠯᠪᠠᠷ᠂ ᠰᠢᠭᠤᠷᠬᠠᠢ᠂ ᠢᠯᠡ ᠲᠣᠳᠤ ᠦᠢᠯᠡᠴᠢᠯᠡᢉᠡ ᠦᠵᠡᢉᠦᠯᠵᠦ ᠪᠤᠢ ᠦᠨᠳᠦᠰᠦᠨ ᠦ᠋ ᢈᠡᠮᠵᠢᠶ ᠡᠨ ᠦ᠋ ᠬᠠᠮᠤᠭ ᠤ᠋ᠨ ᠲᠣᠮᠤ ᠴᠠᢈᠢᠮ ᠰᠢᠰᠲ᠋ᠧᠮ ᠪᠣᠯᠤᠨ ᠥᠷᢉᠡᠵᠢᠵᠦ ᠪᠠᠶᠢᠨ᠎ᠠ᠃  ᠲᠤᠰᠠ ᠰᠢᠰᠲ᠋ᠧᠮ ᠨᠢ ᠒᠐᠒᠐ ᠣᠨ ᠤ᠋ ᠑᠐ ᠳ᠋ᠤᠭᠠᠷ ᠰᠠᠷ᠎ᠠ ᠶ᠋ᠢᠨ ᠐᠑-ᠨᠢᠢ ᠡᠳᠦᠷ ᠒᠓ ᠪᠠᠶᠢᠭᠤᠯᠤᠯᠭ᠎ᠠ ᠶ᠋ᠢᠨ ᠑᠘᠑ ᠲᠥᠷᠦᠯ ᠦ᠋ᠨ ᠦᠢᠯᠡᠴᠢᠯᠡᢉᠡ ᠲᠡᠢ ᠪᠡᠷ ᠠᠯᠪᠠᠨ ᠶᠣᠰᠤᠭᠠᠷ ᠨᠡᢉᠡᢉᠡᠵᠦ᠂ ᠣᠯᠠᠨ ᠨᠡᠶᠢᠲᠡ ᠳ᠋ᠦ ᠦᠢᠯᠡᠴᠢᠯᠡᠵᠦ ᠡᢈᠢᠯᠡᢉᠰᠡᠨ ᠪᠣᠯ ᠡᠳᠦᢉᠡ ᠘᠘ ᠪᠠᠶᠢᠭᠤᠯᠤᠯᠭ᠎ᠠ ᠶ᠋ᠢᠨ ᠑᠒᠖᠔ ᠦᠢᠯᠡᠴᠢᠯᠡᢉᠡ ᠶ᠋ᠢ ᠦᠵᠡᢉᠦᠯᠵᠦ᠂ ᠥᠨᠦᠳᠦᠷ ᠦ᠋ᠨ ᠪᠠᠶᠢᠳᠠᠯ ᠢ᠋ᠶᠠᠷ ᠪᠦᠷᠢᠳᢈᠡᠯ ᠲᠡᠢ ᢈᠡᠷᠡᢉᠯᠡᢉᠴᠢ᠂ ᠦᠢᠯᠡᠴᠢᠯᠡᢉᠦᠯᠦᢉᠴᠢ ᠢᠷᢉᠡᠳ ᠦ᠋ᠨ ᠲᠣᠭ᠎ᠠ ᠒᠂᠐᠐᠐᠂᠐᠐᠐ – ᠳ᠋ᠤ ᢈᠦᠷᠦᠯ᠎ᠡ᠃

E-Mongolia ᠰᠢᠰᠲ᠋ᠧᠮ ᠦ᠋ᠨ ᠒ ᠰᠠᠶ᠋ᠢ ᠳ᠋ᠠᢈᠢ ᢈᠡᠷᠡᢉᠯᠡᢉᠴᠢ ᠪᠡᠷ ᠑᠗ ᠨᠠᠰᠤ ᠲᠠᠢ ᠴᠣᠭᠲᠤᠪᠠᠶᠠᠷ ᠤ᠋ᠨ ᠡᢉᠡᠰᠢᢉᠯᠡᠩ ᠲᠣᠳᠤᠷᠠᠯ᠎ᠠ᠃  ᠴᠡ‍᠂ᠡᢉᠰᠢᢉᠯᠡᠩ ᠨᠢ “ᠨᠠᠷᠠᠨ” ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠑᠒ ᠳ᠋᠋ᠤᠭᠠᠷ ᠠᠩᢉᠢ ᠶ᠋ᠢᠨ ᠰᠤᠷᠤᠭᠴᠢ ᠪᠥᢉᠡᠳ ᠭᠠᠳᠠᠭᠠᠳᠤ ᠤᠯᠤᠰ ᠲᠤ ᠶᠡᢈᠡ᠂ ᠳᠡᢉᠡᠳᠦ ᠪᠣᠯᠪᠠᠰᠤᠷᠠᠯ ᠡᠵᠡᠮᠰᠢᢈᠦ ᠵᠣᠷᠢᠯᠭ᠎ᠠ ᠲᠠᠢ ᠪᠠᠷ ᠡᠯᠰᠡᠯᠲᠡ ᠶ᠋ᠢᠨ ᠶᠡᠷᠦᠩᢈᠡᠢ ᠰᠢᠯᠭᠠᠯᠲᠠ ᠳ᠋ᠤ ᠪᠡᠯᠡᠳᢈᠡᠵᠦ ᠪᠤᠢ ᠠᠵᠤ᠃ ᠲᠡᠷᠡ ᠪᠡᠷ ᠒᠐᠒᠕ ᠣᠨ ᠤ᠋ ᠐᠔ ᠳ᠋ᠦ᠋ᢉᠡᠷ ᠰᠠᠷ᠎ᠠ ᠶ᠋ᠢᠨ ᠑᠒- ᠤ᠋ᠨ ᠡᠳᠦᠷ E-Mongolia ᠠᠫᠫᠯᠢᠻᠧᠢᠢᠱᠢᠨ ᠢ᠋ ᠭᠠᠷ ᠤᠲᠠᠰᠤᠨ ᠳ᠋ᠤ ᠪᠠᠨ ᠲᠠᠲᠠᠵᠤ᠂ ᠪᠦᠷᠢᠳᢈᠡᠯ ᠢ᠋ᠶᠡᠨ ᠰᠢᠨ᠎ᠡ ᠪᠡᠷ ᠡᢉᠦᠰᢈᠡᠨ᠂ ᠠᠩᠬᠠᠨ ᠤ᠋ ᠠᠪᠤᠭᠰᠠᠨ ᠦᠶᠢᠯᠡᠴᠢᠯᠡᢉᠡ ᠨᠢ “ᠢᠷᢉᠡᠨ ᠦ᠋ ᠡᠷᠡᢉᠦᠦ ᠶ᠋ᠢᠨ ᠬᠠᠷᠢᠭᠤᠴᠠᠯᠭ᠎ᠠ ᢈᠦᠯᠢᠶᠡᠵᠦ ᠪᠠᠶᠢᠭᠰᠠᠨ ᠡᠰᠡᢈᠦ ᠲᠤᠬᠠᠢ ᠲᠣᠳᠤᠷᠬᠠᠶᠢᠯᠠᠯᠲᠠ” ᠪᠠᠶᠢᠵᠡᠢ᠃

ᠲᠡᠷᠡ ᠪᠡᠷ “ᠮᠢᠨᠤ ᠬᠤᠪᠢ ᠳ᠋ᠤ ᠭᠠᠳᠠᠭᠠᠳᠤ ᠤᠯᠤᠰ ᠤᠷᠤᠭᠤ ᠰᠤᠷᠤᠯᠴᠠᠬᠤ ᠪᠠᠷ ᠲᠥᠯᠦᠪᠯᠡᠵᠦ ᠪᠠᠶᠢᠭ᠎ᠠ ᠪᠥᢉᠡᠳ ᠬᠠᠮᠤᠭ ᠤ᠋ᠨ ᢈᠡᠷᠡᢉᠲᠡᠢ ᠮᠠᠲ᠋ᠧᠷᠢᠠᠯ ᠢ᠋ᠶᠠᠨ E-Mongolia ᠰᠢᠰᠲ᠋ᠧᠮ ᠡᠴᠡ ᠠᠪᠴᠤ ᠪᠣᠯᠳᠠᠭ ᢉᠡᠳᠡᢉ ᠢ᠋ ᠮᠡᠳᠡᢉᠡᠳ ᠰᠢᠨ᠎ᠡ ᢈᠡᠷᠡᢉᠯᠡᢉᠴᠢ ᠪᠣᠯᠤᠭᠰᠠᠨ᠃  ᠦᠢᠯᠡᠴᠢᠯᠡᢉᠡ ᠶ᠋ᠢ ᠠᠪᠬᠤ ᠳ᠋ᠤ ᠶᠠᠮᠪᠠᠷ ᠨᠢᢉᠡᠨ ᠠᠰᠠᠭᠤᠳᠠᠯ ᠦᢉᠡᠢ᠂ ᠲᠦᠷᢉᠡᠨ᠂ ᠰᠢᠭᠤᠷᠬᠠᠢ ᠪᠠᠶᠢᠭ᠎ᠠ ᠨᠢ ᠦᠨᠡᢈᠡᠷ ᠲᠠᠭᠠᠯᠠᠭᠳᠠᠭᠰᠠᠨ᠃  ᢉᠡᢈᠦ ᠳ᠋ᠦ ᠪᠡᠨ ᠥᠪᠡᠷ ᠢ᠋ ᠪᠡᠨ ᠒ ᠰᠠᠶ᠋ᠢ ᠳ᠋ᠠᢈᠢ ᢈᠡᠷᠡᢉᠯᠡᢉᠴᠢ ᠪᠣᠯᠤᠨ᠎ᠠ ᢉᠡᠵᠦ ᠦᠨᠡᢈᠡᠷ ᠲᠥᠰᠦᢉᠡᠯᠡᢉᠡ ᠦᢉᠡᠢ᠃  ᠠᠩᠬ᠎ᠠ ᠡᠨᠡ ᠮᠡᠳᠡᢉᠡ ᠶ᠋ᠢ ᠰᠣᠨᠤᠰᠤᠭᠠᠳ ᠢᠲᠡᢉᠡᠵᠦ ᠥᢉᢈᠦ ᠦᢉᠡᠢ ᠪᠠᠶᠢᠭᠰᠠᠨ ᠴᠤ ᠮᠠᠰᠢ ᠶᠡᢈᠡ ᠪᠠᠶᠠᠷ ᠲᠠᠢ ᠪᠠᠶᠢᠨ᠎ᠠ᠃  ᠬᠠᠮᠤᠭ ᠤ᠋ᠨ ᠭᠣᠣᠯ ᠨᠢ ᠬᠠᠮᠢᠭ᠎ᠠ ᠠ᠋ᠴᠠ ᠴᠤ᠂ ᠴᠠᠭ ᠵᠠᠪ ᠢ᠋ᠶᠠᠨ ᢈᠡᠮᠨᠡᢉᠡᠳ ᠥᠪᠡᠷ ᠲᠦ ᢈᠡᠷᠡᢉᠲᠡᠢ ᠦᠶᠢᠯᠡᠴᠢᠯᠡᢉᠡ ᠪᠡᠨ ᠠᠪᠴᠢᠬᠠᠨ᠎ᠠ ᢉᠡᠳᠡᢉ ᠨᠢ ᢈᠢᠯᠪᠠᠷ ᠰᠠᠨᠠᠭᠳᠠᠭᠰᠠᠨ᠃  ᢉᠡᠷ ᠪᠦᠯᠢ᠂ ᠰᠤᠷᠭᠠᠭᠤᠯᠢ ᠶ᠋ᠢᠨ ᠤᠳᠤᠷᠢᠳᠤᠯᠭ᠎ᠠ ᠪᠣᠯᠤᠨ ᠠᠩᢉᠢ ᠶ᠋ᠢᠨ ᠮᠢᠨᠢ ᠨᠠᠶᠢᠵᠠ ᠨᠤᠭᠤᠳ ᢈᠦᠷᠲᠡᠯ᠎ᠡ ᠪᠠᠶᠠᠷ ᢈᠦᠷᢈᠡᢉᠡᠳ ᠥᠪᠡᠷ ᠢ᠋ ᠪᠡᠨ ᠶᠡᢈᠡ ᠯᠠ ᠠᠵᠠᠲᠠᠢ ᠪᠠᠶᠢᠨ᠎ᠠ ᢉᠡᠵᠦ ᠪᠣᠳᠤᠵᠤ ᠪᠠᠶᠢᠨ᠎ᠠ᠃ ” ᢈᠡᠮᠡᠨ ᠰᠡᠳᢈᠢᢉᠳᠡᠯ ᠢ᠋ᠶᠡᠨ ᠬᠤᠪᠢᠶᠠᠯᠴᠠᠯ᠎ᠠ᠃

“ᠢ-ᠮᠣᠩᠭᠤᠯ ᠠᠻᠠᠳ᠋ᠧᠮᠢ” ᠤᠲᠤᠭ- ᠤ᠋ᠨ ᠵᠦᢉ ᠡᠴᠡ ᠒ ᠰᠠᠶ᠋ᠢ ᠳ᠋ᠠᢈᠢ ᢈᠡᠷᠡᢉᠯᠡᢉᠴᠢ ᠲᠡᠢ ᠪᠡᠨ ᠠᠯᠪᠠᠨ ᠶᠣᠰᠤᠭᠠᠷ ᠠᠭᠤᠯᠵᠠᠵᠤ᠂ ᠦᠨ᠎ᠡ ᠪᠦᢈᠦᠢ ᠵᠦᠢᠯ᠂ ᠭᠠᠷ ᠤ᠋ᠨ ᠪᠡᠯᠡᢉ ᠭᠠᠷᠳᠠᠭᠤᠯᠤᠨ ᠴᠠᠭᠠᠰᠢᠳᠠ ᠶ᠋ᠢᠨ ᢈᠢᠴᠢᠶᠡᠯ᠂ ᠰᠤᠷᠤᠯᠭ᠎ᠠ ᠳ᠋ᠤ ᠨᠢ ᠥᠨᠳᠦᠷ ᠠᠮᠵᠢᠯᠲᠠ ᢈᠦᠰᠡᢉᠰᠡᠨ ᠶᠤᠮ᠃

ᠢᠷᢉᠡᠳ ᠦ᠋ᠨ ᠴᠠᢈᠢᠮ ᢈᠡᠷᠡᢉᠯᠡᢉᠡ ᠶ᠋ᠢ ᠨᠡᠮᠡᢉᠳᠡᢉᠦᠯᢈᠦ᠂ ᠲᠥᠷᠦ ᠶ᠋ᠢᠨ ᠦᠢᠯᠡᠴᠢᠯᠡᢉᠡ ᠶ᠋ᠢ ᠢᠯᠡᢉᠦᠦ ᢈᠦᠷᠲᠡᢉᠡᠮᠵᠢᠲᠡᠢ᠂ᢈᠢᠯᠪᠠᠷ ᠪᠠᠶᠢᠳᠠᠯ ᠢ᠋ᠶᠠᠷ ᢈᠦᠷᢈᠡᢈᠦ ᠵᠣᠷᠢᠯᠭ᠎ᠠ ᠲᠠᠢ E-Mongolia ᠰᠢᠰᠲ᠋ᠧᠮ ᠨᠢ ᠰᠠᠷ᠎ᠠ ᠪᠦᠷᠢ ᠳᠤᠮᠳᠠᠵᠢ ᠪᠠᠷ ᠑᠗᠂᠐᠐᠐ ᠭᠠᠷᠤᠢ ᠰᠢᠨ᠎ᠡ ᢈᠡᠷᠡᢉᠯᠡᢉᠴᠢ ᠪᠡᠷ ᠴᠠᠷ ᢈᠦᠷᠢᠶ᠎ᠡ ᠪᠡᠨ ᠲᠡᠯᠡᠵᠦ᠂ ᠴᠠᢈᠢᠮ ᠰᠢᠯᠵᠢᠯᠲᠡ ᠶ᠋ᠢᠨ ᠠᠮᠵᠢᠯᠲᠠ ᠶ᠋ᠢ ᠡᠳᠦᠷ ᠪᠦᠷᠢ ᠪᠠᠲᠤᠳᠬᠠᠵᠤ ᠪᠠᠶᠢᠨ᠎ᠠ᠃  ᠒᠐᠒᠕ ᠣᠨ ᠤ᠋ ᠐᠔ ᠳ᠋ᠦ᠋ᢉᠡᠷ ᠰᠠᠷ᠎ᠠ ᠶ᠋ᠢᠨ ᠪᠠᠶᠢᠳᠠᠯ ᠢ᠋ᠶᠠᠷ ᠲᠤᠰ ᠰᠢᠰᠲ᠋ᠧᠮ ᠳ᠋ᠦ ᠗᠒᠔᠕ ᠰᠢᠨ᠎ᠡ ᢈᠡᠷᠡᢉᠯᠡᢉᠴᠢ ᠪᠦᠷᠢᠳᢈᠡᢉᠦᠯᠦᢉᠡᠳ ᠪᠠᠶᠢᠨ᠎ᠠ᠃

ᠴᠠᠭᠠᠰᠢᠳᠠ ᢈᠢᠮᠡᠯ ᠣᠶᠤᠨ ᠤᠬᠠᠭᠠᠨ ᠳ᠋ᠤ ᠰᠠᠭᠤᠷᠢᠯᠠᠭᠰᠠᠨ ᠵᠥᠪᠯᠡᠮᠵᠢ ᠶ᠋ᠢᠨ ᠰᠢᠰᠲ᠋ᠧᠮ᠂ ᠠᠦ᠋ᠲ᠋ᠣᠮᠠᠲ ᠬᠠᠷᠢᠭᠤᠯᠠᠭᠴᠢ᠂ ᠳᠠᠲ᠋ᠠ ᠠᠨᠠᠯᠢᠽᠢ ᠶ᠋ᠢᠨ ᠳᠡᠪᠰᠢᠯᠲᠡᠲᠦ ᠰᠢᠢᠳᠦᠯ ᠦ᠋ᠳ ᠢ᠋ ᠦᠶ᠎ᠡ ᠱᠠᠲᠤ ᠲᠠᠢ ᠪᠠᠷ ᢈᠥᢉᠵᠢᢉᠦᠯᠦᠨ ᠨᠡᠪᠲᠡᠷᠡᢉᠦᠯᢈᠦ ᠠᠵᠢᠯ ᠢ᠋ ᢈᠡᠷᠡᢉᠵᠢᢉᠦᠯᠵᠦ ᠪᠠᠶᠢᠭ᠎ᠠ ᠨᠢ ᠴᠠᢈᠢᠮ ᠵᠠᠰᠠᠭᠯᠠᠯ ᠢ᠋ ᠤᠯᠠᠮ ᠪᠣᠯᠪᠠᠰᠤᠷᠠᠩᠭᠤᠢ ᠪᠣᠯᠭᠠᠬᠤ ᠴᠢᢉᠯᠡᠯ ᠳ᠋ᠦ ᠴᠢᠬᠤᠯᠠ ᠠᠯᠬᠤᠮ ᠪᠣᠯᠵᠤ ᠪᠠᠶᠢᠭ᠎ᠠ ᠶᠤᠮ᠃

ᠨᠡᠶᠢᠲᠡᠯᠡᠭᠰᠡᠨ᠄