ᠭᠠᠯᠲᠤ ᠵᠡᠪᠰᠡᢉ ᠦ᠋ᠨ ᠲᠤᠬᠠᠢ ᠬᠠᠤᠯᠢ ᠶ᠋ᠢᠨ ᠙ ᠳ᠋ᠦᢉᠡᠷ ᠵᠦᠶᠢᠯ ᠦ᠋ᠨ ᠙᠂᠑- ᠳ᠋ᠤ: ᠬᠠᠤᠯᠢ ᠳ᠋ᠤ ᠥᢉᠡᠷᠡ ᠪᠡᠷ ᠵᠢᠭᠠᠭᠠ ᠦᢉᠡᠢ ᠪᠣᠯ ᠒᠑ ᠨᠠᠰᠤ ᢈᠦᠷᠦᢉᠰᠡᠨ᠂ ᠢᠷᢉᠡᠨ ᠦ᠋ ᠡᠷᢈᠡ ᠵᠦᠢ ᠶ᠋ᠢᠨ ᠪᠦᠷᠢᠨ ᠴᠢᠳᠠᠮᠵᠢ ᠲᠠᠢ᠂ ᠭᠠᠯᠲᠤ ᠵᠡᠪᠰᠡᢉ ᠠᠰᠢᠭᠯᠠᠵᠤ ᢉᠡᠮᠲᠦ ᢈᠡᠷᠡᢉ ᠰᠠᠨᠠᠭᠠᠲᠠᠢ ᠦᠢᠯᠡᠳᠴᠦ ᠪᠠᠶᠢᠭᠠ ᠦᢉᠡᠢ᠂ ᠭᠠᠯᠲᠤ ᠵᠡᠪᠰᠡᢉ ᠡᠵᠡᠮᠰᠢᢈᠦ᠂ ᠠᠰᠢᠭᠯᠠᠬᠤ᠂ ᠬᠠᠳᠠᠭᠠᠯᠠᠬᠤ ᠠᠶᠤᠯ ᠦᢉᠡᠢ ᠠᠵᠢᠯᠯᠠᠭᠠᠨ ᠤ᠋ ᠰᠤᠷᠭᠠᠯᠲᠠ ᠳ᠋ᠤ ᠬᠠᠮᠤᠷᠤᠭᠳᠠᠵᠤ ᢉᠡᠷᠡᠴᠢᠯᠡᢉᠡ ᠠᠪᠤᠭᠰᠠᠨ ᠮᠣᠩᠭᠣᠯ ᠤᠯᠤᠰ ᠤ᠋ᠨ ᠢᠷᢉᠡᠨ ᠢᠷᢉᠡᠨ ᠦ᠋ ᠵᠣᠷᠢᠭᠤᠯᠤᠯᠲᠠ ᠲᠠᠢ ᠭᠠᠯᠲᠤ ᠵᠡᠪᠰᠡᢉ ᠥᠮᠴᠢᠯᠡᠵᠦ ᠪᠣᠯᠤᠨᠠ ᢉᠡᠵᠦ ᠵᠢᠭᠠᠭᠰᠠᠨ ᠪᠠᠶᠢᠳᠠᠭ᠃
ᠤᠯᠤᠰ ᠤ᠋ᠨ ᢈᠡᠮᠵᠢᠶᠡᠨ ᠳ᠋ᠦ ᠒᠐᠒᠔ ᠣᠨ ᠤ᠋ ᠪᠠᠶᠢᠳᠠᠯ ᠢ᠋ᠶᠠᠷ ᠨᠡᠶᠢᠲᠡ ᠕᠐᠗᠐᠓ ᠰᠢᠷᢈᠡᢉ ᠭᠠᠯᠲᠤ ᠵᠡᠪᠰᠡᢉ ᠪᠦᠷᠢᠳᢈᠡᠯ ᠲᠡᠢ ᠪᠠᠶᠢᠨᠠ ᢉᠡᠰᠡᠨ ᠲᠣᠭᠠᠨ ᠮᠡᠳᠡᢉᠡᠯᠡᠯ ᠭᠠᠷᠴᠡᠢ᠃
ᠡᠮᠦᠨᠡ ᠨᠢ ᠭᠠᠯᠲᠤ ᠵᠡᠪᠰᠡᢉ ᠬᠤᠳᠠᠯᠳᠤᠨ ᠠᠪᠬᠤ ᠲᠠᠢ ᠬᠣᠯᠪᠤᠭᠠᠲᠠᠢ ᠦᠢᠯᠡᠴᠢᠯᠡᢉᠡ ᠠᠪᠬᠤ ᠶ᠋ᠢᠨ ᠲᠤᠯᠠᠳᠠ ᠢᠷᢉᠡᠳ ᠳᠠᠷᠠᠭᠠᢈᠢ ᠣᠯᠠᠨ ᠲᠥᠷᠦᠯ ᠦ᠋ᠨ ᠪᠢᠴᠢᢉ ᠪᠠᠷᠢᠮᠲᠠ ᠶ᠋ᠢ ᠪᠡᠶᠡᠲᠦ ᠪᠡᠷ ᠪᠦᠷᠢᠳᠦᢉᠦᠯᠵᠦ᠂ ᠴᠠᠭᠳᠠᠭᠠ ᠶ᠋ᠢᠨ ᠪᠠᠶᠢᠭᠤᠯᠤᠯᠭᠠ ᠳ᠋ᠤ ᠠᠪᠴᠤ ᠣᠴᠢᠬᠤ ᠱᠠᠭᠠᠷᠳᠠᠯᠭᠠᠲᠠᠢ ᠪᠠᠶᠢᠭᠰᠠᠨ᠃ ᠡᢉᠦᠨ ᠳ᠋ᠦ: ᢈᠦᠰᠡᠯᠲᠡ᠂ ᠣᠷᠤᠰᠢᠨ ᠰᠠᠭᠤᠭᠠ ᠬᠠᠶ᠋ᠢᠭ ᠤ᠋ᠨ ᠲᠣᠳᠤᠷᠬᠠᠶᠢᠯᠠᠯᠲᠠ᠂ ᠢᠷᢉᠡᠨ ᠦ᠋ ᠦᠨᠡᠮᠯᠡᢈᠦ ᠶ᠋ᠢᠨ ᠬᠠᠭᠤᠯᠪᠤᠷᠢ᠂ ᠴᠡᢉᠡᠵᠢ ᠵᠢᠷᠤᠭ᠂ ᠴᠠᠭᠳᠠᠭᠠ ᠶ᠋ᠢᠨ ᠶᠡᠷᠦᠩᢈᠡᠢ ᠭᠠᠵᠠᠷ ᠤ᠋ᠨ ᠲᠣᠳᠤᠷᠬᠠᠶᠢᠯᠠᠯᠲᠠ ᠳ᠋ᠤ ᠱᠠᠭᠠᠷᠳᠠᠭᠳᠠᠬᠤ ᠮᠥᠩᢉᠦᠨ ᠰᠢᠯᠵᠢᢉᠦᠯᢉᠡ ᠶ᠋ᠢᠨ ᠪᠠᠷᠢᠮᠲᠠ ᢉᠡᢈᠦ ᠮᠡᠲᠦ᠃
ᠬᠠᠷᠢᠨ ᠣᠳᠤ ᠳᠣᠣᠷᠠᢈᠢ ᠴᠠᠭᠳᠠᠭᠠ ᠶ᠋ᠢᠨ ᠪᠠᠶᠢᠭᠤᠯᠤᠯᠭᠠ ᠠ᠋ᠴᠠ ᠦᠵᠡᢉᠦᠯᠳᠡᢉ ᠭᠠᠯᠲᠤ ᠵᠡᠪᠰᠡᢉ᠂ ᠭᠠᠯᠲᠤ ᠵᠡᠪᠰᠡᢉ ᠲᠡᠢ ᠠᠳᠠᠯᠢᠳᠬᠠᠬᠤ ᢈᠡᠷᠡᢉᠰᠡᠯ ᠲᠡᠢ ᠬᠣᠯᠪᠤᠭᠠᠲᠠᠢ ᠨᠡᠶᠢᠲᠡ ᠑᠔ ᠲᠥᠷᠦᠯ ᠦ᠋ᠨ ᠦᠢᠯᠡᠴᠢᠯᠡᢉᠡ ᠶ᠋ᠢ ᠢᠷᢉᠡᠨ᠂ ᠠᠵᠤ ᠠᠬᠤᠢ ᠶ᠋ᠢᠨ ᠨᠢᢉᠡᠴᠡ ᠪᠠᠶᠢᠭᠤᠯᠤᠯᠭᠠ E-Mongolia᠂ᠹ᠂ E-Business ᠰᠢᠰᠲ᠋ᠧᠮ ᠡᠴᠡ ᠴᠠᢈᠢᠮ ᠢ᠋ᠶᠠᠷ ᠠᠪᠬᠤ ᠪᠣᠯᠤᠮᠵᠢ ᠪᠦᠷᠢᠳᠦᢉᠰᠡᠨ ᠪᠥᢉᠡᠳ ᠵᠠᠷᠢᠮ ᠨᠢ ᠰᠢᠭᠤᠳ᠂ ᠵᠠᠷᠢᠮ ᠨᠢ ᠬᠣᠶᠠᠷ ᠱᠠᠲᠤᠯᠠᠯᠲᠠ ᢈᠡᠯᠪᠡᠷᠢ ᠪᠡᠷ ᠶᠠᠪᠤᠭᠳᠠᠵᠤ ᠪᠠᠶᠢᠨᠠ᠃
ᠱᠠᠭᠠᠷᠳᠠᠯᠭᠠ ᠲᠠᠢ ᠲᠣᢈᠢᠶᠠᠯᠳᠤᠯ ᠳ᠋ᠤ ᠲᠠ www᠃ e-mongolia᠃ mn ᠸᠧᠪ ᠰᠠᠶᠢᠲᠤ ᠳ᠋ᠤ ᠬᠠᠨᠳᠤᠬᠤ ᠡᠰᠡᠪᠡᠯ ᠑᠑᠑᠑-᠒ ᠳ᠋᠋ᠤᠭᠠᠷ ᠤ᠋ᠨ ᠤᠲᠠᠰᠤ ᠪᠠᠷ ᠬᠣᠯᠪᠤᠭᠳᠠᠨ ᠦᠨᠡ ᠲᠥᠯᠦᠪᠦᠷᠢ ᠦᢉᠡᠢ ᠵᠥᠪᠯᠡᢉᠡ᠂ ᠮᠡᠳᠡᢉᠡᠯᠡᠯ ᠠᠪᠬᠤ ᠪᠣᠯᠤᠮᠵᠢ ᠲᠠᠢ᠃бөргүй зөвлөгөө, мэдээлэл авах боломжтой.
E-MONGOLIA ᠰᠢᠰᠲ᠋ᠧᠮ ᠢ᠋ᠶᠡᠷ ᠠᠪᠬᠤ ᠪᠣᠯᠤᠮᠵᠢ ᠲᠠᠢ ᠦᠶᠢᠯᠡᠴᠢᠯᠡᢉᠡ ᠨᠦ᠋ᢉᠦᠳ:
- ᠭᠠᠯᠲᠤ ᠵᠡᠪᠰᠡᢉ ᠰᠢᠯᠵᠢᢉᠦᠯᢈᠦ (ᠢᠷᢉᠡᠨ) – / ᠭᠠᠯᠲᠤ ᠵᠡᠪᠰᠡᢉ ᠢ᠋ ᠰᠢᠯᠵᠢᢉᠦᠯᠦᠨ ᠠᠪᠬᠤ ᢉᠡᠵᠦ ᠪᠤᠢ ᠡᠲᠡᢉᠡᠳ ᠰᠢᠯᠵᠢᢉᠦᠯᠵᠦ ᠠᠪᠬᠤ ᢉᠡᠵᠦ ᠪᠠᠶᠢᠭᠠ ᠡᠲᠡᢉᠡᠳ ᠤᠷᠤᠭᠤ ᠪᠠᠲᠤᠯᠠᠭᠠᠵᠢᠭᠤᠯᠬᠤ ᢈᠦᠰᠡᠯᠲᠡ ᠶᠠᠪᠤᠭᠤᠯᠳᠠᠭ᠃ ᠭᠠᠯᠲᠤ ᠵᠡᠪᠰᠡᢉ ᠢ᠋ᠶᠡᠨ ᠰᠢᠯᠵᠢᢉᠦᠯᢈᠦ ᢉᠡᠵᠦ ᠪᠠᠶᠢᠭᠠ ᠡᠲᠡᢉᠡᠳ ᠥᠪᠡᠷ ᠦ᠋ᠨ e-mongolia/e-business ᠨᠡᠪᠲᠡᠷᠡᠨ ᠣᠷᠤᠵᠤ ᠪᠠᠲᠤᠯᠠᠭᠠᠵᠢᠭᠤᠯᠬᠤ ᠲᠣᠪᠴᠢ ᠳᠠᠷᠤᠭᠰᠠᠨ ᠢ᠋ᠶᠠᠷ ᢈᠦᠰᠡᠯᠲᠡ ᠴᠠᠭᠳᠠᠭᠠ ᠶ᠋ᠢᠨ ᠪᠠᠶᠢᠭᠤᠯᠤᠯᠭᠠ ᠤᠷᠤᠭᠤ ᠢᠯᠡᢉᠡᢉᠳᠡᠳᠡᢉ/
- ᠭᠠᠯᠲᠤ ᠵᠡᠪᠰᠡᢉ ᠦ᠋ᠨ ᢉᠡᠷᠡᠴᠢᠯᠡᢉᠡ ᠣᠯᠭᠠᠬᠤ (ᠰᠢᠨᠡ ᠪᠡᠷ ᠣᠯᠭᠠᠬᠤ)
- ᠭᠠᠯᠲᠤ ᠵᠡᠪᠰᠡᢉ ᠦ᠋ᠨ ᢉᠡᠷᠡᠴᠢᠯᠡᢉᠡ ᠣᠯᠭᠠᠬᠤ (ᠰᠤᠩᠭᠠᠯᠲᠠ)
- ᠭᠠᠯᠲᠤ ᠵᠡᠪᠰᠡᢉ ᠦ᠋ᠨ ᢉᠡᠷᠡᠴᠢᠯᠡᢉᠡ ᠣᠯᠭᠠᠬᠤ (ᠨᠥᢈᠦᠵᠦ ᠠᠪᠬᠤ)
- ᠭᠠᠯᠲᠤ ᠵᠡᠪᠰᠡᢉ ᠲᠡᠢ ᠠᠳᠠᠯᠢᠳᠬᠠᠬᠤ ᢈᠡᠷᠡᢉᠰᠡᠯ ᠰᠢᠨᠡ ᠪᠡᠷ ᠪᠦᠷᠢᠳᢈᠡᢉᠦᠯᠵᠦ᠂ ᠲᠣᠳᠤᠷᠬᠠᠶᠢᠯᠠᠯᠲᠠ ᠠᠪᠬᠤ (ᠢᠷᢉᠡᠨ)
- ᠭᠠᠯᠲᠤ ᠵᠡᠪᠰᠡᢉ ᠦ᠋ᠨ ᠬᠠᠮᠲᠤᠷᠠᠨ ᠡᠵᠡᠮᠰᠢᢉᠴᠢ ᠪᠦᠷᠢᠳᢈᠡᢉᠦᠯᢈᠦ
- ᠭᠠᠯᠲᠤ ᠵᠡᠪᠰᠡᢉ ᠦ᠋ᠨ ᢉᠡᠷᠡᠴᠢᠯᠡᢉᠡᠨ ᠦ᠋ ᠬᠠᠶ᠋ᠢᠭ ᠤ᠋ᠨ ᠪᠦᠷᠢᠳᢈᠡᠯ ᠰᠢᠯᠵᠢᢉᠦᠯᢈᠦ ᠨᠡᠶᠢᠲᠡ ᠗ ᠦᠢᠯᠡᠴᠢᠯᠡᢉᠡ ᠶ᠋ᠢ ᠙᠔᠔ ᠤᠳᠠᠭᠠ ᠠᠪᠤᠭᠰᠠᠨ ᠪᠥᢉᠡᠳ ᠡᢉᠦᠨ ᠡᠴᠡ ᠭᠠᠯᠲᠤ ᠵᠡᠪᠰᠡᢉ ᠰᠢᠯᠵᠢᢉᠦᠯᢈᠦ ᠦᠢᠯᠡᠴᠢᠯᠡᢉᠡ ᠶ᠋ᠢ ᠢᠳᠡᠪᢈᠢᠲᠡᠢ ᠪᠤᠶᠤ ᠖᠙᠙ ᠤᠳᠠᠭᠠ ᠠᠪᠤᠭᠰᠠᠨ ᠪᠠᠶᠢᠨᠠ᠃
E-BUSINESS ᠰᠢᠰᠲ᠋ᠧᠮ ᠡᠴᠡ ᠠᠪᠬᠤ ᠪᠣᠯᠤᠮᠵᠢ ᠲᠠᠢ ᠦᠶᠢᠯᠡᠴᠢᠯᠡᢉᠡ ᠨᠦ᠋ᢉᠦᠳ:
- ᠭᠠᠯᠲᠤ ᠵᠡᠪᠰᠡᢉ ᠰᠢᠯᠵᠢᢉᠦᠯᢈᠦ (ᠠᠨ)
- ᠭᠠᠯᠲᠤ ᠵᠡᠪᠰᠡᢉ ᠦ᠋ᠨ ᢉᠡᠷᠡᠴᠢᠯᠡᢉᠡ ᠣᠯᠭᠠᠬᠤ (ᠠᠨ) (ᠰᠢᠨᠡ ᠪᠡᠷ ᠣᠯᠭᠠᠬᠤ)
- ᠭᠠᠯᠲᠤ ᠵᠡᠪᠰᠡᢉ ᠦ᠋ᠨ ᢉᠡᠷᠡᠴᠢᠯᠡᢉᠡ ᠣᠯᠭᠠᠬᠤ (ᠠᠨ) (ᠰᠤᠩᠭᠠᠯᠲᠠ)
- ᠭᠠᠯᠲᠤ ᠵᠡᠪᠰᠡᢉ ᠦ᠋ᠨ ᢉᠡᠷᠡᠴᠢᠯᠡᢉᠡ ᠣᠯᠭᠠᠬᠤ (ᠠᠨ) (ᠨᠥᢈᠦᠵᠦ ᠠᠪᠬᠤ)
- ᠭᠠᠯᠲᠤ ᠵᠡᠪᠰᠡᢉ ᠲᠡᠢ ᠠᠳᠠᠯᠢᠳᠬᠠᠬᠤ ᢈᠡᠷᠡᢉᠰᠡᠯ ᠰᠢᠨᠡ ᠪᠡᠷ ᠪᠦᠷᠢᠳᢈᠡᢉᠦᠯᠵᠦ᠂ ᠲᠣᠳᠤᠷᠬᠠᠶᠢᠯᠠᠯᠲᠠ ᠠᠪᠬᠤ (ᠠᠨ)
- ᠭᠠᠯᠲᠤ ᠵᠡᠪᠰᠡᢉ ᠦ᠋ᠨ ᠬᠠᠮᠲᠤᠷᠠᠨ ᠡᠵᠡᠮᠰᠢᢉᠴᠢ ᠪᠦᠷᠢᠳᢈᠡᢉᠦᠯᢈᠦ (ᠠᠨ) – ᠭᠠᠯᠲᠤ ᠵᠡᠪᠰᠡᢉ ᠢ᠋ ᠰᠢᠯᠵᠢᢉᠦᠯᠦᠨ ᠠᠪᠬᠤ ᢉᠡᠵᠦ ᠪᠤᠢ ᠡᠲᠡᢉᠡᠳ ᠰᠢᠯᠵᠢᢉᠦᠯᠵᠦ ᠠᠪᠬᠤ ᢉᠡᠵᠦ ᠪᠠᠶᠢᠭᠠ ᠡᠲᠡᢉᠡᠳ ᠤᠷᠤᠭᠤ ᠪᠠᠲᠤᠯᠠᠭᠠᠵᠢᠭᠤᠯᠬᠤ ᢈᠦᠰᠡᠯᠲᠡ ᠶᠠᠪᠤᠭᠤᠯᠳᠠᠭ᠃ ᠭᠠᠯᠲᠤ ᠵᠡᠪᠰᠡᢉ ᠢ᠋ᠶᠡᠨ ᠰᠢᠯᠵᠢᢉᠦᠯᢈᠦ ᢉᠡᠵᠦ ᠪᠠᠶᠢᠭᠠ ᠡᠲᠡᢉᠡᠳ ᠥᠪᠡᠷ ᠦ᠋ᠨ e-mongolia/e-business ᠨᠡᠪᠲᠡᠷᠡᠨ ᠣᠷᠤᠵᠤ ᠪᠠᠲᠤᠯᠠᠭᠠᠵᠢᠭᠤᠯᠬᠤ ᠲᠣᠪᠴᠢ ᠳᠠᠷᠤᠭᠰᠠᠨ ᠢ᠋ᠶᠠᠷ ᢈᠦᠰᠡᠯᠲᠡ ᠴᠠᠭᠳᠠᠭᠠ ᠶ᠋ᠢᠨ ᠪᠠᠶᠢᠭᠤᠯᠤᠯᠭᠠ ᠤᠷᠤᠭᠤ ᠢᠯᠡᢉᠡᢉᠳᠡᠳᠡᢉ᠃
- ᠭᠠᠯᠲᠤ ᠵᠡᠪᠰᠡᢉ ᠦ᠋ᠨ ᢉᠡᠷᠡᠴᠢᠯᠡᢉᠡᠨ ᠦ᠋ ᠬᠠᠶᠢᠭ ᠤ᠋ᠨ ᠪᠦᠷᠢᠳᢈᠡᠯ ᠰᠢᠯᠵᠢᢉᠦᠯᢈᠦ (ᠠᠨ)
ᠲᠥᠷᠦ ᠶ᠋ᠢᠨ ᠦᠶᠢᠯᠡᠴᠢᠯᠡᢉᠡ ᠶ᠋ᠢ ᠲᠠᠨ ᠤ᠋ ᠭᠠᠷ ᠲᠤ E-Mongolia