ᠡᠴᠢᢉᠡ ᠡᢈᠡᠴᠦᠳ ᠲᠠ ᠪᠦᢈᠦᠨ ᠵᠠᠪᠠᠯ ᠡᠮᠨᠡᠯᢉᠡ ᠳ᠋ᠦ ᠪᠡᠶᠡᠴᠢᠯᠡᠨ ᠣᠴᠢᠬᠤ ᠱᠠᠭᠠᠷᠳᠠᠯᠭᠠ ᠦᢉᠡᠢ ᠪᠡᠷ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠡᠴᠡ ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᢈᠡᠵᠢᠶᠡ ᠴᠤ᠂ ᠬᠠᠮᠢᠭᠠ ᠠ᠋ᠴᠠ ᠴᠤ᠂ ᠒᠔/᠗ ᠴᠠᢈᠢᠮ ᠢ᠋ᠶᠠᠷ ᢈᠢᠯᠪᠠᠷᠬᠠᠨ ᠠᠪᠤᠭᠠᠷᠠᠢ᠃
ᢈᠡᠦᢈᠡᠳ ᠦ᠋ᠨ ᠢ᠋ᠶᠡᠨ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᠴᠠᢈᠢᠮ ᠢ᠋ᠶᠠᠷ ᠠᠪᠤᠭᠰᠠᠨ ᠢ᠋ᠶᠠᠷ:
- ᠴᠠᠭ ᠵᠠᠪ ᢈᠡᠮᠨᠡᠨᠡ: ᠡᠮᠨᠡᠯᢉᠡ᠂ ᠡᠷᠦᢈᠡ ᠶ᠋ᠢᠨ ᠡᠷᠡᢉᠦᠯ ᠮᠡᠨᠳᠦ ᠶ᠋ᠢᠨ ᠲᠥᠪ ᠲᠦ ᠪᠡᠶᠡᠴᠢᠯᠡᠨ ᠣᠴᠢᠬᠤ ᠱᠠᠭᠠᠷᠳᠠᠯᠭᠠ ᠦᢉᠡᠢ ᠪᠣᠯᠵᠤ᠂ ᠲᠠᠨ ᠤ᠋ ᠠᠵᠢᠯ ᠤ᠋ᠨ ᠠᠴᠢᠶᠠᠯᠠᠯ ᠢ᠋ ᠪᠠᠭᠤᠷᠠᠭᠤᠯᠤᠨᠠ᠃
- ᠸᠠᠻᠼᠢᠨ ᠤ᠋ ᠬᠤᠭᠤᠴᠠᠭᠠ ᠶ᠋ᠢ ᠰᠠᠨᠠᠭᠤᠯᠤᠨᠠ: ᠵᠠᠪ ᠦᢉᠡᠢ ᠠᠮᠢᠳᠤᠷᠠᠯ ᠤ᠋ᠨ ᠬᠠᠵᠠᠭᠤ ᠪᠠᠷ ᠵᠠᠷᠢᠮᠳᠠᠭᠠᠨ ᢈᠡᠦᢈᠡᠳ ᠦ᠋ᠨ ᠢ᠋ᠶᠡᠨ ᠸᠠᠻᠼᠢᠨ᠋ ᠢ᠋ ᢈᠢᠯᢉᠡᢈᠦ ᠪᠡᠨ ᠮᠠᠷᠲᠠᠬᠤ ᠲᠣᢈᠢᠶᠠᠯᠳᠤᠯ ᠪᠠᠭᠠ ᠦᢉᠡᠢ ᠭᠠᠷᠳᠠᠭ ᠪᠠᠶᠢᠬᠤ ᠲᠡᢉᠡᠪᠡᠯ ᠣᠳᠤ ᠰᠠᠨᠠᠭᠠ ᠵᠣᠪᠠᠬᠤ ᢈᠡᠷᠡᢉ ᠦᢉᠡᠢ᠃ ᢈᠡᠦᢈᠡᠳ ᠦ᠋ᠨ ᠳᠠᠷᠬᠠᠯᠠᠭᠠᠵᠢᠭᠤᠯᠤᠯᠲᠠ ᠶ᠋ᠢᠨ ᠳᠠᠷᠠᠭᠠ ᠶ᠋ᠢᠨ ᠲᠤᠩ ᠳᠥᢈᠦᢈᠦ ᠳ᠋ᠦ ᠲᠠᠨ ᠳ᠋ᠤ ᠴᠠᢈᠢᠮ ᠰᠠᠨᠠᠭᠤᠯᠭᠠ ᠢᠯᠡᢉᠡᢉᠳᠡᠵᠦ᠂ ᠲᠣᠪᠤᠭᠠ ᠮᠠᠷᠲᠠᠬᠤ ᠦᢉᠡᠢ᠃
- ᠮᠡᠳᠡᢉᠡᠯᠡᠯ ᠢ᠋ᠶᠡᠨ ᠳᠡᠯᢉᠡᠷᠡᠩᢉᠦᠢ ᢈᠢᠨᠠᠬᠤ ᠪᠣᠯᠤᠮᠵᠢ: ᢈᠡᠦᢈᠡᠳ ᠦ᠋ᠨ ᢈᠢᠯᢉᠡᢉᠰᠡᠨ ᠸᠠᠻᠼᠢᠨ᠋ ᠤ᠋ ᠨᠡᠷᠡ ᠲᠥᠷᠦᠯ᠂ ᠣᠩᠨᠠᠭᠠ᠂ ᠲᠤᠩ ᠤ᠋ᠨ ᠮᠡᠳᠡᢉᠡᠯᠡᠯ ᠢ᠋ ᠠᠯᠪᠠᠨ ᠶᠣᠰᠤᠨ ᠤ᠋ ᠡᢈᠡ ᠰᠤᠷᠪᠤᠯᠵᠢ ᠠ᠋ᠴᠠ ᠠᠪᠴᠤ᠂ ᠳᠡᠯᢉᠡᠷᠡᠩᢉᠦᠢ ᠬᠠᠷᠠᠬᠤ ᠪᠣᠯᠤᠮᠵᠢ ᠲᠠᠢ᠃
- ᠠᠯᠳᠠᠭᠠ ᠭᠠᠷᠬᠤ ᠡᠷᠦᠰᠳᠡᠯ ᠦᢉᠡᠢ: ᠴᠠᠭᠠᠰᠤᠨ ᠳᠡᢉᠡᠷᠡ ᠪᠢᠴᠢᠵᠦ ᠲᠡᠮᠳᠡᢉᠯᠡᢉᠰᠡᠨ ᠢ᠋ᠶᠡᠨ ᠬᠠᠶᠠᠬᠤ ᢉᠡᢉᠡᢈᠦ᠂ ᠪᠤᠷᠤᠭᠤ ᠮᠡᠳᠡᢉᠡᠯᠡᠯ ᠠᠪᠬᠤ ᠡᠷᠦᠰᠳᠡᠯ ᠦᢉᠡᠢ ᠪᠣᠯᠵᠤ᠂ ᠴᠠᢈᠢᠮ ᢈᠡᠯᠪᠡᠷᠢ ᠪᠡᠷ ᠪᠠᠲᠤᠯᠠᠭᠠᠲᠠᠢ ᠮᠡᠳᠡᢉᠡᠯᠡᠯ ᠠᠪᠤᠨᠠ᠃
- ᠲᠠᠲᠠᠬᠤ᠂ ᠢᠯᠡᢉᠡᢈᠦ ᠪᠣᠯᠤᠮᠵᠢ ᠲᠠᠢ: ᠸᠠᠻᠼᠢᠨ ᠤ᠋ ᠲᠡᠦᢈᠡᢉᠡ PDF ᢈᠡᠯᠪᠡᠷᠢ ᠪᠡᠷ ᠲᠠᠲᠠᠵᠤ ᠠᠪᠤᠭᠠᠳ᠂ ᠰᠤᠷᠭᠠᠭᠤᠯᠢ᠂ ᠴᠡᠴᠡᠷᠯᠢᢉ ᠲᠦ ᠪᠦᠷᠢᠳᢈᠡᢉᠦᠯᢈᠦ᠂ ᠭᠠᠳᠠᠭᠰᠢ ᠪᠠᠨ ᠵᠣᠷᠴᠢᠬᠤ ᠳ᠋ᠤ ᠢᠯᠡᢉᠡᢈᠦ᠂ ᠬᠠᠷᠠᠬᠤ ᠪᠣᠯᠤᠮᠵᠢ ᠲᠠᠢ᠃
ᢈᠡᠷᢈᠢᠨ ᠠᠪᠬᠤ ᠪᠤᠢ?
- E-Mongolia ᠰᠢᠰᠲ᠋ᠧᠮ ᠳ᠋ᠦ ᠪᠦᠷᠢᠳᢈᠡᠯ ᠲᠡᠢ ᠬᠠᠶᠢᠭ ᠢ᠋ᠶᠠᠷ ᠢ᠋ᠶᠠᠨ ᠨᠡᠪᠲᠡᠷᠡᢈᠦ;
- ᠦᠨᠳᠦᠰᠦᠨ ᠴᠡᠰᠡ ᠡᠴᠡ “ᠡᠷᠡᢉᠦᠯ ᠮᠡᠨᠳᠦ” ᢈᠡᠰᠡᢉ ᠢ᠋ ᠰᠣᠩᠭᠤᠬᠤ;
- “ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ” ᠦᠶᠢᠯᠡᠴᠢᠯᠡᢉᠡ ᠶ᠋ᠢ ᠰᠣᠩᠭᠤᠬᠤ;
- ᢈᠡᠦᢈᠡᠳ ᠦ᠋ᠨ ᠢ᠋ᠶᠡᠨ ᠮᠡᠳᠡᢉᠡᠯᠡᠯ ᠢ᠋ ᠳᠡᠯᢉᠡᠷᠡᠩᢉᠦᠢ ᠦᠵᠡᠵᠦ᠂ ᢈᠦᠰᠡᠪᠡᠯ PDF ᠹᠠᠶᠢᠯ ᠢ᠋ᠶᠠᠷ ᠲᠠᠲᠠᠵᠤ ᠠᠪᠬᠤ;
ᠲᠥᠷᠦ ᠶ᠋ᠢᠨ ᠦᠢᠯᠡᠴᠢᠯᠡᢉᠡ ᠶ᠋ᠢ ᠢᠯᠡᢉᠦᠦ ᠰᠢᠭᠤᠷᠬᠠᠢ᠂ ᠢᠯᠡ ᠲᠣᠳᠤ᠂ ᢈᠦᠷᠲᠡᢉᠡᠮᠵᠢ ᠲᠡᠢ ᠪᠣᠯᠭᠠᠬᠤ ᠵᠣᠷᠢᠯᠲᠠ ᠶ᠋ᠢᠨ ᢈᠦᠷᠢᠶ ᠡᠨ ᠳ᠋ᠦ E-Mongolia ᠰᠢᠰᠲ᠋ᠧᠮ ᠲᠠᠰᠤᠷᠠᠯᠲᠠ ᠦᢉᠡᠢ ᠰᠢᠨᠡᠴᠢᠯᠡᢉᠳᠡᠵᠦ ᠪᠠᠶᠢᠨᠠ᠃
ᠴᠠᢈᠢᠮ ᠢ᠋ᠶᠠᠷ ᠰᠢᠢᠳᠴᠦ᠂ ᠴᠠᠭ ᠢ᠋ᠶᠠᠨ ᢈᠡᠮᠨᠡᠶᠡ! ᠵᠢᠴᠢ: ᠒᠐᠑᠘ ᠣᠨ ᠠ᠋ᠴᠠ ᠬᠣᠶᠢᠰᠢᢈᠢ ᠳᠠᠷᠬᠠᠯᠠᠭᠠᠵᠢᠭᠤᠯᠤᠯᠲᠠ ᠶ᠋ᠢᠨ ᠮᠡᠳᠡᢉᠡᠯᠡᠯ ᠢ᠋ ᠠᠪᠬᠤ ᠪᠣᠯᠤᠮᠵᠢ ᠲᠠᠢ ᠪᠥᢉᠡᠳ ᢈᠡᠷᠪᠡ ᢈᠡᠦᢈᠡᠳ ᠦ᠋ᠨ ᠮᠡᠳᠡᢉᠡᠯᠡᠯ ᠵᠥᠷᠢᢉᠦᠦ ᠲᠡᠢ ᠪᠣᠯ ᠦᠶᠢᠯᠡᠴᠢᠯᠡᢉᠡ ᠠᠪᠤᠭᠰᠠᠨ ᠬᠠᠷᠢᠶᠠ ᠡᠷᠡᢉᠦᠯ ᠮᠡᠨᠳᠦ ᠶ᠋ᠢᠨ ᠪᠠᠶᠢᠭᠤᠯᠤᠯᠭᠠ ᠳ᠋ᠤ ᠪᠠᠨ ᠬᠠᠨᠳᠤᠬᠤ ᠶ᠋ᠢ ᠠᠩᠬᠠᠷᠤᠨᠠ ᠤᠤ᠃