ᠲᠡᢉᠡᢉᠡᠪᠦᠷᠢ ᠶ᠋ᠢᠨ ᢈᠡᠷᠡᢉᠰᠡᠯ ᠦ᠋ᠨ ᠲᠠᠲᠠᠪᠤᠷᠢ ᠪᠠᠨ ᠴᠠᢈᠢᠮ ᠢ᠋ᠶᠠᠷ ᠲᠥᠯᠦᠵᠦ᠂ ᠴᠠᠭ ᠵᠠᠪ ᠢ᠋ᠶᠠᠨ ᢈᠡᠮᠨᠡᢉᠡᠷᠡᠢ᠃


ᠵᠢᠯᠤᠭᠤᠴᠢ ᠲᠠ ᠲᠡᢉᠡᢉᠡᠪᠦᠷᠢ ᠶ᠋ᠢᠨ ᢈᠡᠷᠡᢉᠰᠡᠯ ᠦ᠋ᠨ ᠢ᠋ᠶᠡᠨ ᠲᠠᠲᠠᠪᠤᠷᠢ ᠶ᠋ᠢ E-Mongolia ᠰᠢᠰᠲ᠋ᠧᠮ ᠢ᠋ᠶᠡᠷ ᢈᠢᠯᠪᠠᠷᠬᠠᠨ ᠲᠥᠯᠦᢈᠦ ᠪᠣᠯᠤᠮᠵᠢ ᠲᠠᠢ᠃  ᠬᠠᠤᠯᠢ ᠶ᠋ᠢᠨ ᠳᠠᠭᠠᠭᠤ ᠠᠦ᠋ᠲ᠋ᠣ᠋ ᠲᠡᢉᠡᢉᠡᠪᠦᠷᠢ ᠶ᠋ᠢᠨ ᠪᠣᠯᠤᠨ ᠥᠪᠡᠷ ᠢ᠋ᠶᠡᠨ ᠶᠠᠪᠤᠭᠴᠢ ᢈᠡᠷᠡᢉᠰᠡᠯ ᠦ᠋ᠨ ᠠᠯᠪᠠᠨ ᠲᠠᠲᠠᠪᠤᠷᠢ ᠶ᠋ᠢ ᠵᠢᠯ ᠪᠦᠷᠢ ᠶ᠋ᠢᠨ ᠵᠢᠷᠭᠤᠭᠠᠳᠤᠭᠠᠷ ᠰᠠᠷ᠎ᠠ ᠶ᠋ᠢᠨ ᠑-ᠨᠢ ᠡᠳᠦᠷ ᠡᠴᠡ ᠡᠮᠦᠨ᠎ᠡ ᠬᠠᠷᠢᠶ᠎ᠠ ᠲᠠᠲᠠᠪᠤᠷᠢ ᠶ᠋ᠢᠨ ᠠᠯᠪᠠᠨ ᠳ᠋ᠤ ᠲᠥᠯᠦᢈᠦ ᠶᠣᠰᠤᠲᠠᠢ ᢉᠡᠵᠦ ᠵᠢᠭᠠᠭᠰᠠᠨ ᠪᠠᠶᠢᠳᠠᠭ᠃

ᢈᠡᠷᠪᠡ ᠬᠤᠭᠤᠴᠠᠭᠠᠨ ᠳ᠋ᠠᠭᠠᠨ ᠲᠥᠯᠦᢉᠡ ᠦᢉᠡᠢ ᠲᠣᢈᠢᠶᠠᠯᠳᠤᠯ ᠳ᠋ᠤ ᠲᠠᠨ ᠤ᠋ ᠲᠡᢉᠡᢉᠡᠪᠦᠷᠢ ᠶ᠋ᠢᠨ ᢈᠡᠷᠡᢉᠰᠡᠯ ᠵᠠᠮ ᠤ᠋ᠨ ᢈᠥᠳᠡᠯᢉᠡᢉᠡᠨ ᠳ᠋ᠦ ᠣᠷᠤᠯᠴᠠᠬᠤ ᠡᠷᢈᠡ ᢈᠢᠵᠠᠭᠠᠷᠯᠠᠭᠳᠠᠬᠤ ᢈᠦᠷᠲᠡᠯ᠎ᠡ ᠠᠷᠭ᠎ᠠ ᢈᠡᠮᠵᠢᠶ᠎ᠡ ᠠᠪᠳᠠᠭ ᢉᠡᠳᠡᢉ ᠢ᠋ ᠠᠩᠬᠠᠷᠤᠨ᠎ᠠ ᠤᠤ᠃

᠒᠐᠒᠕ ᠣᠨ ᠠ᠋ᠴᠠ ᠡᢈᠢᠯᠡᠨ ᠲᠠᠲᠠᠪᠤᠷᠢ ᠶ᠋ᠢᠨ ᠰᠢᠨ᠎ᠡ ᠵᠣᢈᠢᠴᠠᠭᠤᠯᠤᠯᠲᠠ ᠮᠥᠷᠳᠡᢉᠳᠡᠵᠦ ᠪᠠᠶᠢᠭ᠎ᠠ ᠪᠥᢉᠡᠳ ᠨᠡᠶᠢᠰᠯᠡᠯ ᠦ᠋ᠨ ᢈᠡᠮᠵᠢᠶᠡᠨ ᠳ᠋ᠦ ᠪᠦᠷᠢᠳᢈᠡᠯ ᠲᠡᠢ ᠗᠑᠘᠂᠐᠐᠐ ᠲᠡᢉᠡᢉᠡᠪᠦᠷᠢ ᠶ᠋ᠢᠨ ᢈᠡᠷᠡᢉᠰᠡᠯ ᠡᠴᠡ ᠒᠒᠘᠂᠗᠑᠐ ᠨᠢ ᠲᠠᠲᠠᠪᠤᠷᠢ ᠪᠠᠨ ᠲᠥᠯᠦᢉᠡᠳ ᠪᠠᠶᠢᠨ᠎ᠠ᠃  ᠡᠨᠡ ᠨᠢ ᠨᠡᠶᠢᠲᠡ ᠲᠥᠯᠦᠪᠦᠷᠢ ᠶ᠋ᠢᠨ ᢉᠦᠢᠴᠡᠳᢈᠡᠯ ᠔᠐ ᠭᠠᠷᠤᠢ ᠬᠤᠪᠢ ᢈᠦᠷᠦᢉᠡᠳ ᠪᠤᠢ ᠶ᠋ᠢ ᠬᠠᠷᠠᠭᠤᠯᠵᠤ ᠪᠠᠶᠢᠨ᠎ᠠ᠃  ᠬᠠᠷᠢᠨ ᠣᠳᠤ ᠪᠠᠷ ᠑᠐᠐᠂᠐᠐᠐ ᠭᠠᠷᠤᠢ ᠢᠷᢉᠡᠨ ᠲᠠᠲᠠᠪᠤᠷᠢ ᠪᠠᠨ ᠲᠥᠯᠦᢉᠡ ᠦᢉᠡᠢ ᠪᠠᠶᠢᠨ᠎ᠠ᠃

E-Mongolia-ᠭᠠᠭᠠᠷ ᢈᠡᠷᢈᠢᠨ ᠲᠠᠲᠠᠪᠤᠷᠢ ᠲᠥᠯᠦᢈᠦ ᠪᠤᠢ?

  1. E-Mongolia ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠨᠡᠪᠲᠡᠷᠡᢈᠦ;
  2. ᠦᠶᠢᠯᠡᠴᠢᠯᠡᢉᠡ ᠨᠦ᠋ᢉᠦᠳ ᢈᠡᠰᠡᢉ ᠡᠴᠡ “ᠲᠠᠲᠠᠪᠤᠷᠢ ᠲᠥᠯᠦᢈᠦ” ᠦᠶᠢᠯᠡᠴᠢᠯᠡᢉᠡ ᠶ᠋ᠢ ᠰᠣᠩᠭᠤᠨ᠎ᠠ;
  3. ᠲᠡᢉᠡᢉᠡᠪᠦᠷᠢ ᠶ᠋ᠢᠨ ᢈᠡᠷᠡᢉᠰᠡᠯ ᠦ᠋ᠨ ᠮᠡᠳᠡᢉᠡᠯᠡᠯ ᠢ᠋ᠶᠡᠨ ᠰᠢᠯᠭᠠᠭᠰᠠᠨ ᠤ᠋ ᠳᠠᠷᠠᠭ᠎ᠠ᠂ ᠲᠠᠲᠠᠪᠤᠷᠢ ᠪᠠᠨ ᠴᠠᢈᠢᠮ ᠢ᠋ᠶᠠᠷ ᠲᠥᠯᠦᠨ᠎ᠡ᠃

ᠬᠤᠪᠢ ᢈᠦᠮᠦᠨ ᠪᠣᠯᠤᠨ ᠠᠵᠤ ᠠᠬᠤᠢ ᠶ᠋ᠢᠨ ᠨᠢᢉᠡᠴᠡ ᠶ᠋ᠢᠨ ᠲᠠᠲᠠᠪᠤᠷᠢ ᠲᠥᠯᠦᢈᠦ ᠬᠤᠭᠤᠴᠠᠭ᠎ᠠ

  • ᠬᠤᠪᠢ ᢈᠦᠮᠦᠨ: ᠵᠢᠯ ᠪᠦᠷᠢ ᠶ᠋ᠢᠨ ᠵᠢᠷᠭᠤᠭᠠᠳᠤᠭᠠᠷ ᠰᠠᠷ᠎ᠠ ᠶ᠋ᠢᠨ ᠑-ᠨᠢ ᠡᠳᠦᠷ ᠡᠴᠡ ᠡᠮᠦᠨ᠎ᠡ ᠲᠥᠯᠦᢈᠦ ᠶᠣᠰᠤᠲᠠᠢ;
  • ᠠᠵᠤ ᠠᠬᠤᠢ ᠶ᠋ᠢᠨ ᠨᠢᢉᠡᠴᠡ᠂ ᠪᠠᠶᠢᠭᠤᠯᠤᠯᠭ᠎ᠠ: ᠤᠯᠠᠷᠢᠯ ᠪᠦᠷᠢ ᠶ᠋ᠢᠨ ᠰᠠᠷ᠎ᠠ ᠶ᠋ᠢᠨ ᠒᠕- ᠤ᠋ ᠳᠣᠲᠤᠷ᠎ᠠ ᠲᠠᠲᠠᠪᠤᠷᠢ ᠪᠠᠨ ᠲᠡᠩᠴᠡᢉᠦᠦ ᠬᠤᠪᠢᠶᠠᠨ ᠲᠥᠯᠦᠨ᠎ᠡ᠃

ᢈᠡᠷᠪᠡ ᠲᠡᢉᠡᢉᠡᠪᠦᠷᠢ ᠶ᠋ᠢᠨ ᢈᠡᠷᠡᢉᠰᠡᠯ ᠢ᠋ᠶᠡᠨ ᠪᠤᠰᠤᠳ ᠲᠤ ᠰᠢᠯᠵᠢᢉᠦᠯᠦᢉᠰᠡᠨ ᠪᠣᠯ ᠲᠤᠬᠠᠢ ᠶ᠋ᠢᠨ ᠤᠯᠠᠷᠢᠯ ᠤ᠋ᠨ ᠳᠠᠷᠠᠭ᠎ᠠ ᠠ᠋ᠴᠠ ᠡᢈᠢᠯᠡᠨ ᠲᠠᠲᠠᠪᠤᠷᠢ ᠶ᠋ᠢᠨ ᠡᢉᠦᠷᢉᠡ ᠳᠠᠭᠤᠰᠬᠠᠪᠤᠷᠢ ᠪᠣᠯᠳᠠᠭ᠃

ᠲᠥᠯᠦᢉᠡ ᠦᢉᠡᠢ ᠲᠣᢈᠢᠶᠠᠯᠳᠤᠯ ᠳ᠋ᠤ ᢈᠦᠯᠢᠶᠡᢈᠦ ᠬᠠᠷᠢᠭᠤᠴᠠᠯᠭ᠎ᠠ:

  • ᠵᠠᠮ ᠤ᠋ᠨ ᢈᠥᠳᠡᠯᢉᠡᢉᠡᠨ ᠳ᠋ᠦ ᠣᠷᠤᠯᠴᠠᠬᠤ ᠡᠷᢈᠡ ᢈᠢᠵᠠᠭᠠᠷᠯᠠᠭᠳᠠᠬᠤ;
  • ᠬᠠᠤᠯᠢ ᠶ᠋ᠢᠨ ᠳᠠᠭᠠᠭᠤ ᠬᠠᠷᠢᠭᠤᠴᠠᠯᠭ᠎ᠠ ᢈᠦᠯᠢᠶᠡᢈᠦ ᠡᠷᠦᠰᠳᠡᠯ ᠲᠡᠢ;
  • ᠮᠥᠨ ᠐᠖ ᠳ᠋ᠤᠭᠠᠷ ᠰᠠᠷ᠎ᠠ ᠶ᠋ᠢᠨ ᠑-ᠨᠡᢉᠡᠰᠦ ᠬᠣᠶᠢᠰᠢ ᠢᠮᠫᠣᠷᠲ ᠢ᠋ᠶᠠᠷ ᠣᠷᠤᠵᠤ ᠢᠷᠡᢉᠰᠡᠨ ᠠᠦ᠋ᠲ᠋ᠣᠮᠠᠱᠢᠨ᠋ ᠤ᠋ ᠲᠠᠲᠠᠪᠤᠷᠢ ᠲᠤᠬᠠᠢ ᠶ᠋ᠢᠨ ᠵᠢᠯ ᠦ᠋ᠨ ᠦᠯᠡᠳᠡᢉᠰᠡᠨ ᠬᠤᠭᠤᠴᠠᠭᠠᠨ ᠳ᠋ᠤ ᠨᠣᠭᠳᠠᠬᠤ ᢈᠡᠮᠵᠢᠶ᠎ᠡ ᠪᠡᠷ ᠲᠣᠭᠠᠴᠠᠭᠳᠠᠨ᠎ᠠ᠃

ᠨᠡᠶᠢᠲᠡᠯᠡᠭᠰᠡᠨ᠄