᠗ ᠬᠣᠨᠤᠭ ᠤ᠋ᠨ ᠲᠣᠶᠢᠮᠤ


ICT SPORT ᠒᠐᠒᠕ ᠲᠡᠮᠡᠴᠡᢉᠡᠨ ᠳ᠋ᠦ E-Mongolia ᠪᠠᠭ ᠤ᠋ᠨ ᠬᠠᠮᠲᠤ ᠣᠯᠠᠨ ᠣᠷᠤᠯᠴᠠᠵᠤ ᠪᠠᠶᠢᠨ᠎ᠠ

ᠮᠡᠳᠡᢉᠡᠯᠡᠯ ᠦ᠋ᠨ ᠲᠧᠻᠨᠣᠯᠣᢉᠢ᠂ ᠬᠠᠷᠢᠯᠴᠠᠭ᠎ᠠ ᠬᠣᠯᠪᠤᠭᠠᠨ ᠤ᠋ ᠰᠠᠯᠪᠤᠷᠢ ᠶ᠋ᠢᠨ ᠵᠢᠯ ᠪᠦᠷᠢ ᠤᠯᠠᠮᠵᠢᠯᠠᠯ ᠪᠣᠯᠭᠠᠨ ᠵᠣᢈᠢᠶᠠᠨ ᠪᠠᠶᠢᠭᠤᠯᠳᠠᠭ ᠰᠫᠤᠷᠲ ᠤ᠋ᠨ ᠬᠠᠮᠤᠭ ᠤ᠋ᠨ ᢈᠦᠯᠢᠶᠡᠯᠲᠡ ᠲᠡᠢ ᠨᠠᠭᠠᠳᠤᠮ “ICT SPORT ᠒᠐᠒᠕” ᠠᠮᠵᠢᠯᠲᠠᠲᠠᠢ ᠦᠷᢉᠦᠯᠵᠢᠯᠡᠵᠦ ᠪᠠᠶᠢᠨ᠎ᠠ᠃  ᠡᠨᠡ ᠤᠳᠠᠭ᠎ᠠ ᠶ᠋ᠢᠨ ᠰᠫᠤᠷᠲ ᠤ᠋ᠨ ᠨᠠᠭᠠᠳᠤᠮ ᠳ᠋ᠤ “E-Mongolia” ᠪᠣᠯᠤᠨ ᠦᠨᠳᠦᠰᠦᠨ ᠦ᠋ ᠳ᠋ᠠᠲ᠋ᠠ ᠲᠥᠪ ᠦ᠋ᠨ ᠪᠠᠭ᠂ ᠬᠠᠮᠲᠤ ᠣᠯᠠᠨ ᠢᠳᠡᠪᢈᠢ ᠲᠡᠢ ᠣᠷᠤᠯᠴᠠᠵᠤ ᠪᠠᠶᠢᠨ᠎ᠠ᠃

ᠢᠷᢉᠡᠳ ᠦ᠋ᠨ ᠴᠠᢈᠢᠮ ᠤᠷ᠎ᠠ ᠴᠢᠳᠠᠪᠤᠷᠢ ᠶ᠋ᠢ ᠳᠡᢉᠡᢉᠰᠢᠯᠡᢉᠦᠯᠦᢉᠰᠡᢉᠡᠷ ᠪᠠᠶᠢᠨ᠎ᠠ

“ᠢ-ᠮᠣᠩᠭᠤᠯ ᠠᠻᠠᠳ᠋ᠧᠮᠢ” ᠤᠲᠤᠭ- ᠤ᠋ᠨ ᠰᠤᠷᠭᠠᠯᠲᠠ᠂ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠰᠤᠷᠭᠠᠯᠲᠠ ᠶ᠋ᠢᠨ ᢈᠡᠯᠲᠡᠰ ᠨᠢ ᠡᠨᠡ ᠳᠣᠯᠤᠭ᠎ᠠ ᠬᠣᠨᠤᠭ ᠲᠤ ᠳᠣᠷᠤᠨᠠᠭᠣᠪᠢ ᠠᠶᠢᠮᠠᠭ ᠳ᠋ᠠᢈᠢ ᠭᠠᠳᠠᠭᠠᠳᠤ ᠶ᠋ᠢᠨ ᠢᠷᢉᠡᠨ ᠬᠠᠷᠢᠶᠠᠲᠤ ᠶ᠋ᠢᠨ ᠭᠠᠵᠠᠷ᠂ ᠰᠦᠨ ᠡᠷᠴᠢᠰ” ᠲᠥᠪ᠂᠂ ᠮᠠᠯ ᠠᠵᠤ ᠠᠬᠤᠢ ᠡᠷᠳᠡᠮ ᠰᠢᠨᠵᠢᠯᠡᢉᠡᠨ ᠦ᠋ ᢈᠦᠷᠢᠶᠡᠯᠡᠩ᠂ ᠮᠣᠩᠭᠣᠯ ᠤ᠋ᠨ ᢈᠥᠳᠡᢉᠡ ᠠᠵᠤ ᠠᠬᠤᠢ ᠬᠣᠷᠰᠢᠶᠠᠯᠠᠭᠴᠢᠳ ᠤ᠋ᠨ ᠬᠣᠯᠪᠤᠭ᠎ᠠ ᠭᠠᠵᠠᠷ ᠤ᠋ᠳ ᠲᠠᠢ ᠬᠠᠮᠲᠤᠷᠠᠨ ᠔ ᠤᠳᠠᠭ᠎ᠠ ᠶ᠋ᠢᠨ ᠔ ᠴᠠᠭ ᠤ᠋ᠨ ᠰᠤᠷᠭᠠᠯᠲᠠ ᠪᠠᠷ ᠨᠡᠶᠢᠲᠡ ᠔᠗ ᠲᠥᠷᠦ ᠶ᠋ᠢᠨ ᠠᠯᠪᠠᠨ ᠬᠠᠭᠠᠭᠴᠢ᠂ ᠑᠕ ᠠᠬᠠᠮᠠᠳ ᠨᠠᠰᠤ ᠲᠠᠢ ᠢᠷᢉᠡᠳ ᠲᠦ “ᠲᠧᠻᠨᠣᠯᠣᢉᠢ ᠳ᠋ᠤ ᠰᠠᠭᠤᠷᠢᠯᠠᠭᠰᠠᠨ ᠬᠠᠷᠢᠯᠴᠠᠭ᠎ᠠ᠂ E-Mongolia ᠠᠰᠢᠭᠯᠠᠯᠲᠠ᠂ ᢈᠢᠮᠡᠯ ᠣᠶᠤᠨ ᠢ᠋ᠶᠠᠷ ᠻᠣᠨ᠋ᠲ᠋ᠧᠨ᠋ᠲ ᠪᠦᠲᠦᢉᠡᢈᠦ᠂ ᠲᠥᠷᠦ ᠶ᠋ᠢᠨ ᠪᠠᠶᠢᠭᠤᠯᠤᠯᠭ᠎ᠠ ᠨᠤᠭᠤᠳ ᠤ᠋ᠨ ᠳᠣᠲᠤᠭᠠᠳᠤ ᠦᠶᠢᠯᠡ ᠠᠵᠢᠯᠯᠠᠭᠠᠨ ᠤ᠋ ᠤᠳᠤᠷᠢᠳᠤᠯᠭ᠎ᠠ ᠶ᠋ᠢᠨ ᠨᠢᢉᠡᠳᠦᢉᠰᠡᠨ ᠰᠢᠰᠲ᠋ᠧᠮ ERP-E-MONGOLIA” ᠰᠡᠳᠦᠪ ᠦ᠋ᠳ ᠢ᠋ᠶᠡᠷ ᠲᠠᠩᢈᠢᠮ ᠪᠣᠯᠤᠨ ᠴᠠᢈᠢᠮ ᠰᠤᠷᠭᠠᠯᠲᠠ ᠶ᠋ᠢ ᠵᠣᢈᠢᠶᠠᠨ ᠪᠠᠶᠢᠭᠤᠯᠤᠯ᠎ᠠ᠃

ᠮᠣᠩᠭᠤᠯ ᠤᠯᠤᠰ ᠤ᠋ᠨ ᠣᠯᠠᠨ ᠤᠯᠤᠰ ᠤ᠋ᠨ ᠵᠢᠯᠤᠭᠤᠳᠬᠤ ᠡᠷᢈᠡ ᠶ᠋ᠢᠨ ᠦᠨᠡᠮᠯᠡᢈᠦ ᠪᠡᠨ E-Mongolia ᠰᠢᠰᠲ᠋ᠧᠮ ᠢ᠋ᠶᠡᠷ ᠵᠠᢈᠢᠶᠠᠯᠠᠭᠠᠳ ᢈᠦᠷᢈᠡᢉᠦᠯᠦᢉᠡᠳ ᠠᠪᠤᠭᠠᠷᠠᠢ

ᠮᠣᠩᠭᠣᠯ ᠤᠯᠤᠰ ᠤ᠋ᠨ ᠣᠯᠠᠨ ᠤᠯᠤᠰ ᠤ᠋ᠨ ᠵᠢᠯᠤᠭᠤᠳᠬᠤ ᠡᠷᢈᠡ ᠶ᠋ᠢᠨ ᠦᠨᠡᠮᠯᠡᢈᠦ ᠰᠢᠨ᠎ᠡ ᠪᠡᠷ ᠠᠪᠬᠤ ᠪᠣᠯᠤᠨ ᠠᠩᢉᠢᠯᠠᠯ ᠨᠡᠮᠡᢈᠦ ᠪᠣᠯ ᠲᠡᢉᠡᢉᠡᠪᠦᠷᠢ ᠶ᠋ᠢᠨ ᢈᠡᠷᠡᢉᠰᠡᠯ ᠵᠢᠯᠤᠭᠤᠴᠢ ᠪᠡᠯᠡᠳᢈᠡᢈᠦ ᠰᠤᠷᠭᠠᠯᠲᠠ ᠶ᠋ᠢᠨ ᠪᠠᠶᠢᠭᠤᠯᠤᠯᠭ᠎ᠠ ᠳ᠋ᠤ ᠰᠤᠷᠤᠯᠴᠠᠵᠤ᠂ ᠬᠣᠯᠪᠤᠭᠳᠠᠬᠤ ᠵᠢᠷᠤᠮ ᠤ᠋ᠨ ᠳᠠᠭᠠᠭᠤ ᠲᠤᠬᠠᠢ ᠶ᠋ᠢᠨ ᠠᠩᢉᠢᠯᠠᠯ ᠤ᠋ᠨ ᠲᠡᢉᠡᢉᠡᠪᠦᠷᠢ ᠶ᠋ᠢᠨ ᢈᠡᠷᠡᢉᠰᠡᠯ ᠵᠢᠯᠤᠭᠤᠳᠬᠤ ᠡᠷᢈᠡ ᠶ᠋ᠢᠨ ᠰᠢᠯᠭᠠᠯᠲᠠ ᠳ᠋ᠤ ᠲᠡᠩᠴᠡᢉᠰᠡᠨ ᠢᠷᢉᠡᠳ ᠦᠨᠡᠮᠯᠡᢈᠦ ᠪᠡᠨ E-Mongolia ᠰᠢᠰᠲ᠋ᠧᠮ ᠢ᠋ᠶᠡᠷ ᠵᠠᢈᠢᠶᠠᠯᠠᠬᠤ ᠪᠣᠯᠤᠮᠵᠢ ᠲᠠᠢ ᠶᠤᠮ᠃

ᠮᠣᠩᠭᠣᠯ ᠤᠯᠤᠰ ᠤ᠋ᠨ ᠣᠯᠠᠨ ᠤᠯᠤᠰ ᠤ᠋ᠨ ᠵᠢᠯᠤᠭᠤᠳᠬᠤ ᠡᠷᢈᠡ ᠶ᠋ᠢᠨ ᠦᠨᠡᠮᠯᠡᢈᠦ ᢈᠡᠷᢈᠢᠨ ᠵᠠᢈᠢᠶᠠᠯᠠᠬᠤ ᠪᠤᠢ?

  • E-Mongolia ᠰᠢᠰᠲ᠋ᠧᠮ ᠳ᠋ᠦ ᠪᠦᠷᠢᠳᢈᠡᠯ ᠢ᠋ᠶᠡᠷ ᠢ᠋ᠶᠡᠨ ᠨᠡᠪᠲᠡᠷᠡᢈᠦ;
  • ᠦᠶᠢᠯᠡᠴᠢᠯᠡᢉᠡ ᠨᠦ᠋ᢉᠦᠳ ᢈᠡᠰᠡᢉ ᠡᠴᠡ ᠮᠣᠩᠭᠤᠯ ᠤᠯᠤᠰ ᠤ᠋ᠨ ᠣᠯᠠᠨ ᠤᠯᠤᠰ ᠤ᠋ᠨ ᠵᠢᠯᠤᠭᠤᠳᠬᠤ ᠡᠷᢈᠡ ᠶ᠋ᠢᠨ ᠦᠨᠡᠮᠯᠡᢈᠦ ᠬᠠᠶᠢᠬᠤ;
  • ᠭᠠᠷᠴᠤ ᠢᠷᠡᢈᠦ ᠲᠠᠯᠠᠪᠤᠷ ᠤ᠋ᠳ ᠢ᠋ ᠦᠨᠡᠨ ᠵᠥᠪ ᠪᠢᠴᠢᢉᠰᠡᠨ ᠦ᠋ ᠳᠠᠷᠠᠭ᠎ᠠ ᠲᠥᠯᠦᠪᠦᠷᠢ ᠲᠥᠯᠦᢈᠦ ᠰᠣᠩᠭᠤᠯᠲᠠ ᠭᠠᠷᠴᠤ ᠢᠷᠡᢈᠦ ᠪᠥᢉᠡᠳ ᠪᠡᠶᠡᠴᠢᠯᠡᠨ ᠣᠴᠢᠬᠤ ᠠᠪᠬᠤ᠂ ᢈᠦᠷᢈᠡᢉᠦᠯᢈᠦ ᠰᠣᠩᠭᠤᠯᠲᠠ ᠪᠠᠨ ᢈᠢᢉᠰᠡᠨ ᠦ᠋ ᠳᠠᠷᠠᠭ᠎ᠠ ᠠᠮᠵᠢᠯᠲᠠᠲᠠᠢ ᢈᠦᠰᠡᠯᠲᠡ ᠲᠠᠨᠢ ᠢᠯᠡᢉᠡᢉᠳᠡᠨ᠎ᠡ᠃

ᠡᠮ ᠡᠮᠨᠡᠯᢉᠡ ᠶ᠋ᠢᠨ ᢈᠡᠷᠡᢉᠰᠡᠯ ᠦ᠋ᠨ ᢈᠢᠨᠠᠯᠲᠠ ᠵᠣᢈᠢᠴᠠᠭᠤᠯᠤᠯᠲᠠ ᠶ᠋ᠢᠨ ᠭᠠᠵᠠᠷ ᠤ᠋ᠨ ᠒᠕ ᠦᠶᠢᠯᠡᠴᠢᠯᠡᢉᠡ ᠶ᠋ᠢ ᠴᠠᢈᠢᠮ ᠢ᠋ᠶᠠᠷ ᠠᠪᠤᠭᠠᠷᠠᠢ

“ᠢ-ᠮᠣᠩᠭᠤᠯ ᠠᠻᠠᠳ᠋ᠧᠮᠢ” ᠤᠲᠤᠭ ᠤ᠋ᠨ ᠡᠮ ᠡᠮᠨᠡᠯᢉᠡ ᠶ᠋ᠢᠨ ᢈᠡᠷᠡᢉᠰᠡᠯ ᠦ᠋ᠨ ᢈᠢᠨᠠᠯᠲᠠ ᠵᠣᢈᠢᠴᠠᠭᠤᠯᠤᠯᠲᠠ ᠶ᠋ᠢᠨ ᠭᠠᠵᠠᠷ ᠲᠠᠢ ᠬᠠᠮᠲᠤᠷᠠᠨ ᠨᠡᠶᠢᠲᠡ ᠒᠕ ᠦᠢᠯᠡᠴᠢᠯᠡᢉᠡ ᠶ᠋ᠢ ᠴᠠᢈᠢᠮᠵᠢᠭᠤᠯᠵᠤ ᠢᠷᢉᠡᠳ ᠲᠦ ᠢᠯᠡᢉᠦᠦ ᠣᠶᠢᠷ᠎ᠠ᠂ ᠰᠢᠭᠤᠷᠬᠠᠢ᠂ ᢈᠦᠷᠲᠡᢉᠡᠮᠵᠢᠲᠡᠢ ᠪᠠᠶᠢᠬᠤ ᠲᠠᠯ᠎ᠠ ᠳᠡᢉᠡᠷ᠎ᠡ ᠠᠩᠬᠠᠷᠴᠤ ᠢᠷᠡᢉᠰᠡᠨ ᠪᠢᠯᠡ᠃

E-Mongolia ᠰᠢᠰᠲ᠋ᠧᠮ ᠳ᠋ᠦ ᠥᠨᠦᠳᠦᠷ ᠦ᠋ᠨ ᠪᠠᠶᠢᠳᠠᠯ ᠢ᠋ᠶᠠᠷ ᠘᠘ ᠪᠠᠶᠢᠭᠤᠯᠤᠯᠭ᠎ᠠ ᠶ᠋ᠢᠨ ᠑᠒᠖᠔ ᠦᠢᠯᠡᠴᠢᠯᠡᢉᠡ ᠪᠦᠷᠢᠨ ᠴᠠᢈᠢᠮᠵᠢᠭᠰᠠᠨ ᠪᠠᠶᠢᠭ᠎ᠠ ᢈᠡᠳᠦᠢ ᠴᠤ ᠢᠷᢉᠡᠳ ᠦ᠋ᠨ ᠮᠡᠳᠡᢉᠡᠯᠡᠯ ᠦ᠋ᠨ ᢈᠦᠷᠲᠡᢉᠡᠮᠵᠢ ᠲᠡᠢ ᠪᠠᠶᠢᠳᠠᠯ᠂ ᠲᠠᠨᠢᠨ ᠮᠡᠳᠡᢈᠦᠢ ᠶ᠋ᠢᠨ ᠮᠡᠳᠡᠯᢉᠡ ᠵᠡᠷᢉᠡ ᠡᠴᠡ ᠰᠢᠯᠲᠠᠭᠠᠯᠠᠨ ᠣᠳᠤ ᠶ᠋ᠢ ᢈᠦᠷᠲᠡᠯ᠎ᠡ ᠲᠥᠷᠦ ᠶ᠋ᠢᠨ ᠦᠢᠯᠡᠴᠢᠯᠡᢉᠡ ᠶ᠋ᠢ ᠪᠡᠶᠡᠴᠢᠯᠡᠨ ᠣᠴᠢᠵᠤ ᠠᠪᠬᠤ ᠬᠠᠨᠳᠤᠯᠭ᠎ᠠ ᠪᠠᠶᠢᠭᠰᠠᠭᠠᠷ ᠪᠠᠶᠢᠨ᠎ᠠ᠃  ᠡᢉᠦᠨ ᠲᠡᠢ ᠬᠣᠯᠪᠤᠭ᠎ᠠ ᠲᠠᠢ ᠪᠠᠷ ᠲᠥᠷᠦ ᠶ᠋ᠢᠨ ᠴᠠᢈᠢᠮ ᠦᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ᠂ ᠴᠠᢈᠢᠮᠵᠢᠭᠰᠠᠨ ᠦᠢᠯᠡᠴᠢᠯᠡᢉᠡ ᠶ᠋ᠢ ᠢᠷᢉᠡᠳ ᠲᠦ ᠰᠤᠷᠲᠠᠯᠴᠢᠯᠠᠨ ᠲᠠᠨᠢᠭᠤᠯᠬᠤ᠂ ᠮᠡᠳᠡᢉᠡ ᠮᠡᠳᠡᢉᠡᠯᠡᠯ ᠢ᠋ ᠣᠯᠠᠨ ᠲᠠᠯᠠᠲᠤ ᠰᠤᠪᠠᠭ ᠢ᠋ᠶᠠᠷ ᠲᠦᢉᠡᢉᠡᢈᠦ᠂ ᢈᠦᠷᠲᠡᢉᠡᠮᠵᠢ ᠶ᠋ᠢ ᠨᠡᠮᠡᢉᠳᠡᢉᠦᠯᢈᠦ᠂ ᠤᠶᠠᠯᠳᠤᠭ᠎ᠠ ᠶ᠋ᠢ ᠬᠠᠩᠭᠠᠬᠤ ᠲᠠᠯ᠎ᠠ ᠳᠡᢉᠡᠷ᠎ᠡ ᠢᠯᠡᢉᠦᠦ ᠠᠴᠢ ᠬᠣᠯᠪᠤᠭᠳᠠᠯ ᠥᢉᠴᠦ ᠠᠩᠬᠠᠷᠤᠨ ᠲᠥᠷᠦ ᠶ᠋ᠢᠨ ᠪᠠᠶᠢᠭᠤᠯᠤᠯᠭ᠎ᠠ ᠨᠤᠭᠤᠳ ᠤ᠋ᠨ ᢈᠡᠪᠯᠡᠯ ᠮᠡᠳᠡᢉᠡᠯᠡᠯ ᠢ᠋ ᠬᠠᠷᠢᠭᠤᠴᠠᠭᠰᠠᠨ ᠤᠳᠤᠷᠢᠳᠤᠯᠭ᠎ᠠ᠂ᠠᠯᠪᠠ ᠬᠠᠭᠠᠭᠴᠢᠳ ᠲᠠᠢ ᠬᠠᠮᠲᠤᠷᠠᠭᠰᠠᠨ ᠠᠭᠤᠯᠵᠠᠯᠲᠠ ᠶ᠋ᠢ ᠱᠠᠲᠤ ᠳᠠᠷᠠᠭ᠎ᠠ ᠲᠠᠢ ᠵᠣᢈᠢᠶᠠᠨ ᠪᠠᠶᠢᠭᠤᠯᠵᠤ ᠪᠠᠶᠢᠭ᠎ᠠ ᠪᠢᠯᠡ᠃

ᠲᠤᠰ ᠠᠵᠢᠯ ᠤ᠋ᠨ ᢈᠦᠷᠢᠶ ᠡᠨ ᠳ᠋ᠦ ᠥᠨᠦᠳᠦᠷ “ᠢ-ᠮᠣᠩᠭᠤᠯ ᠠᠻᠠᠳ᠋ᠧᠮᠢ” ᠤᠲᠤᠭ- ᠤ᠋ᠨ ᠰᠣᠩᠬᠤᠭ- ᠤ᠋ᠨ ᠳᠠᠷᠤᠭ᠎ᠠ ᠨᠠ‍᠂ ᠲᠥᠷᠦᠪᠠᠲᠤ᠂ ᠡᠮ ᠡᠮᠨᠡᠯᢉᠡ ᠶ᠋ᠢᠨ ᢈᠡᠷᠡᢉᠰᠡᠯ ᠦ᠋ᠨ ᢈᠢᠨᠠᠯᠲᠠ ᠵᠣᢈᠢᠴᠠᠭᠤᠯᠤᠯᠲᠠ ᠶ᠋ᠢᠨ ᠭᠠᠵᠠᠷ ᠤ᠋ᠨ ᠬᠣᠯᠪᠤᠭᠳᠠᠬᠤ ᠮᠡᠷᢉᠡᠵᠢᠯᠲᠡᠨ ᠠᠯᠪᠠ ᠬᠠᠭᠠᠭᠴᠢ ᠳ᠋ᠤ ᠠᠭᠤᠯᠵᠠᠵᠤ ᠬᠠᠷᠢᠯᠴᠠᠨ ᠰᠠᠨᠠᠯ ᠰᠣᠯᠢᠯᠴᠠᠪᠠ᠃

ᠭᠠᠳᠠᠭᠠᠳᠤ ᠶ᠋ᠢᠨ ᠢᠷᢉᠡᠳ E-Mongolia- ᠠ᠋ᠴᠠ ᠰᠢᠭᠤᠳ ᠦᠢᠯᠡᠴᠢᠯᠡᢉᠡ ᠠᠪᠬᠤ ᠪᠣᠯᠤᠮᠵᠢ ᠲᠠᠢ  

“ᠢ-ᠮᠣᠩᠭᠤᠯ ᠠᠻᠠᠳ᠋ᠧᠮᠢ” ᠤᠲᠤᠭ ᠨᠢ ᠭᠠᠳᠠᠭᠠᠳᠤ ᠶ᠋ᠢᠨ ᠢᠷᢉᠡᠨ ᠬᠠᠷᠢᠶᠠᠲᠤ ᠶ᠋ᠢᠨ ᠭᠠᠵᠠᠷ ᠤ᠋ᠨ ᠨᠡᠶᠢᠲᠡ ᠑᠐ ᠦᠢᠯᠡᠴᠢᠯᠡᢉᠡ ᠶ᠋ᠢ ᠴᠠᢈᠢᠮᠵᠢᠭᠤᠯᠵᠤ ᠮᠣᠩᠭᠣᠯ ᠤᠯᠤᠰ ᠲᠤ ᠣᠷᠤᠰᠢᠨ ᠰᠠᠭᠤᠭ᠎ᠠ ᠭᠠᠳᠠᠭᠠᠳᠤ ᠢᠷᢉᠡᠳ ᠦ᠋ᠨ ᢈᠡᠷᠡᢉᠴᠡᢉᠡ ᠱᠠᠭᠠᠷᠳᠠᠯᠭ᠎ᠠ ᠳ᠋ᠤ ᠨᠡᠶᠢᠴᠡᢉᠰᠡᠨ ᠴᠠᢈᠢᠮ ᠦᠢᠯᠡᠴᠢᠯᠡᢉᠡ ᠶ᠋ᠢ ᠦᠵᠡᢉᠦᠯᠵᠦ᠂ ᢈᠦᠷᠲᠡᢉᠡᠮᠵᠢᠲᠡᠢ ᠪᠠᠶᠢᠳᠠᠯ ᠢ᠋ ᠨᠢ ᠰᠠᠶᠢᠵᠢᠷᠠᠭᠤᠯᠤᠨ ᠭᠠᠳᠠᠭᠠᠳᠤ ᠢᠷᢉᠡᠳ ᠲᠦ ᠢᠯᠡᢉᠦᠦ ᠣᠶᠢᠷ᠎ᠠ᠂ ᠰᠢᠭᠤᠷᠬᠠᠢ ᠪᠠᠶᠢᠬᠤ ᠲᠠᠯ᠎ᠠ ᠳᠡᢉᠡᠷ᠎ᠡ ᠠᠩᠬᠠᠷᠴᠤ ᠢᠷᠡᢉᠰᠡᠨ ᠪᠢᠯᠡ᠃ 

ᠭᠠᠳᠠᠭᠠᠳᠤ ᠶ᠋ᠢᠨ ᠢᠷᢉᠡᠨ ᠬᠠᠷᠢᠶᠠᠲᠤ ᠶ᠋ᠢᠨ ᠭᠠᠵᠠᠷ ᠠ᠋ᠴᠠ ᠠᠪᠳᠠᠭ ᠦᠶᠢᠯᠡᠴᠢᠯᠡᢉᠡ ᠨᠦ᠋ᢉᠦᠳ E-Mongolia ᠰᠢᠰᠲ᠋ᠧᠮ ᠳ᠋ᠦ ᠴᠠᢈᠢᠮᠵᠢᠭᠰᠠᠨ ᠢ᠋ᠶᠠᠷ ᠡᠳᠦᠷ ᠲᠦ ᠒᠔᠐-᠕᠒᠐ ᠢᠷᢉᠡᠨ ᠪᠡᠶᠡᠴᠢᠯᠡᠨ ᠣᠴᠢᠵᠤ ᠦᠢᠯᠡᠴᠢᠯᠡᢉᠦᠯᠳᠡᢉ ᠪᠠᠶᠢᠭᠰᠠᠨ ᠪᠣᠯ ᠕-᠘ ᠪᠣᠯᠲᠠᠯ᠎ᠠ ᠪᠠᠨ ᠪᠠᠭᠤᠷᠠᠵᠤ᠂ ᠑᠐᠐-᠑᠕᠐ ᢈᠦᠰᠡᠯᠲᠡ ᠶ᠋ᠢ ᠤᠯᠠᠮᠵᠢᠯᠠᠯᠲᠠ ᠪᠠᠷ ᢈᠦᠯᠢᠶᠡᠨ ᠠᠪᠴᠤ ᠰᠢᠢᠳᠪᠦᠷᠢᠯᠡᠳᠡᢉ ᠪᠠᠶᠢᠭᠰᠠᠨ ᠪᠣᠯ ᠗᠐᠐-᠑᠑᠐᠐ ᢈᠦᠰᠡᠯᠲᠡ ᠶ᠋ᠢ ᠴᠠᢈᠢᠮ ᠢ᠋ᠶᠠᠷ ᢈᠦᠯᠢᠶᠡᠨ ᠠᠪᠳᠠᠭ ᠪᠣᠯᠵᠤ᠂ ᢈᠦᠰᠡᠯᠲᠡ ᠶ᠋ᠢ ᠕-᠑᠐ ᠬᠣᠨᠤᠭ ᠤ᠋ᠨ ᠳᠣᠲᠤᠷ᠎ᠠ ᠰᠢᠢᠳᠳᠡᢉ ᠪᠠᠶᠢᠭᠰᠠᠨ ᠨᠢ ᠓ ᢈᠦᠷᠲᠡᠯᠡᢈᠢ ᠬᠣᠨᠤᠭ ᠲᠤ ᠰᠢᠢᠳᠪᠦᠷᠢᠯᠡᢈᠦ ᠪᠣᠯᠤᠮᠵᠢ ᠲᠠᠢ ᠪᠣᠯᠵᠤ ᠦᠷ᠎ᠡ ᠳ᠋ᠦᠩ ᠢ᠋ᠶᠡᠨ ᠥᢉᠴᠦ ᠪᠠᠶᠢᠨ᠎ᠠ᠃ 

ᠨᠡᠶᠢᠲᠡᠯᠡᠭᠰᠡᠨ᠄