ᠮᠣᠩᠭᠣᠯ ᠤ᠋ᠨ ᠤᠯᠠᠮᠵᠢᠯᠠᠯᠲᠤ ᠴᠠᠭᠠᠨ ᠰᠠᠷᠠ ᠶ᠋ᠢᠨ ᠪᠠᠶᠠᠷ ᠤ᠋ᠨ ᠪᠢᠲᠡᢉᠦᠨ ᠦ᠋ ᠡᠳᠦᠷ ᠡᠨᠡ ᠣᠨ ᠤ᠋ ᠐᠒ ᠳ᠋ᠤᠭᠠᠷ ᠰᠠᠷᠠ ᠶ᠋ᠢᠨ ᠑᠗᠆ᠤ᠋ ᠡᠳᠦᠷ ᠲᠣᢈᠢᠶᠠᠬᠤ ᠶᠤᠮ᠃ᠡᢉᠦᠨ ᠲᠡᠢ ᠬᠣᠯᠪᠤᠭᠳᠠᠭᠤᠯᠤᠨ ᠒᠐᠒᠖ ᠣᠨ ᠤ᠋ ᠐᠒ ᠳ᠋ᠤᠭᠠᠷ ᠰᠠᠷᠠ ᠶ᠋ᠢᠨ ᠑᠗᠆ᠤ᠋ ᠠᠵᠢᠯ ᠤ᠋ᠨ ᠡᠳᠦᠷ ᠢ᠋ ᠐᠒ ᠳ᠋ᠤᠭᠠᠷ ᠰᠠᠷᠠ ᠶ᠋ᠢᠨ ᠒᠘ ᠪᠤᠶᠤ ᠪᠢᠮᠪᠠ ᠭᠠᠷᠠᠭ ᠲᠤ ᠰᠢᠯᠵᠢᢉᠦᠯᠦᠨ ᠠᠵᠢᠯᠯᠠᠬᠤ ᠡᠰᠡᢈᠦ ᠲᠠᠯᠠᠭᠠᠷ ᠢᠷᢉᠡᠳ ᠦ᠋ᠨ ᠰᠠᠨᠠᠯ ᠢ᠋ E-Mongolia ᠰᠢᠰᠲ᠋ᠧᠮ ᠢ᠋ᠶᠡᠷ ᢈᠦᠯᠢᠶᠡᠨ ᠠᠪᠴᠤ ᠪᠠᠶᠢᠨᠠ᠃
ᠲᠤᠰ ᠰᠠᠨᠠᠯ ᠠᠰᠠᠭᠤᠯᠭᠠ ᠒᠐᠒᠖ ᠣᠨ ᠤ᠋ ᠐᠑ ᠳ᠋ᠦ᠋ᢉᠡᠷ ᠰᠠᠷᠠ ᠶ᠋ᠢᠨ ᠒᠕᠆ᠤ᠋ ᠡᠳᠦᠷ ᠒᠓:᠕᠙ ᠴᠠᠭ ᠲᠤ ᠬᠠᠭᠠᠭᠳᠠᠬᠤ ᠲᠤᠯᠠ ᠲᠠ ᠠᠮᠵᠢᠵᠤ ᠰᠠᠨᠠᠯ ᠢ᠋ᠶᠠᠨ ᠢᠯᠡᢉᠡᢉᠡᠷᠡᠢ᠃
ᢈᠡᠷᢈᠢᠨ ᠰᠠᠨᠠᠯ ᠢ᠋ᠶᠠᠨ ᠢᠯᠡᢉᠡᢈᠦ ᠪᠤᠢ?
- ᠲᠠ E-Mongolia ᠰᠢᠰᠲ᠋ᠧᠮ ᠳ᠋ᠦ ᠪᠦᠷᠢᠳᢈᠡᠯ ᠢ᠋ᠶᠡᠷ ᠢ᠋ᠶᠡᠨ ᠨᠡᠪᠲᠡᠷᠡᠨ ᠣᠷᠤᠨᠠ᠃
- ᠡᢉᠦᠨ ᠦ᠋ ᠳᠠᠷᠠᠭᠠ Profile ᢈᠡᠰᠡᢉ ᠲᠦ ᠪᠠᠶᠢᠷᠢᠯᠠᠬᠤ ᠰᠠᠨᠠᠯ ᠠᠰᠠᠭᠤᠯᠭᠠ ᠼᠧᠰᠧ ᠤᠷᠤᠭᠤ ᠣᠷᠤᠬᠤ ᠳ᠋ᠤ “ᠪᠢᠲᠡᢉᠦᠨ ᠦ᠋ ᠡᠳᠦᠷ ᠦ᠋ᠨ ᠵᠣᢈᠢᠴᠠᠭᠤᠯᠤᠯᠲᠠ ᠶ᠋ᠢᠨ ᠰᠠᠨᠠᠯ ᠠᠰᠠᠭᠤᠯᠭᠠ” ᠭᠠᠷᠴᠤ ᠢᠷᠡᠨᠡ᠃
- ᠭᠠᠷᠴᠤ ᠢᠷᠡᢈᠦ ᠒ ᠰᠣᠩᠭᠤᠯᠲᠠ ᠠ᠋ᠴᠠ ᠠᠯᠢ ᠨᠢᢉᠡ ᠶ᠋ᠢ ᠨᠢ ᠰᠣᠩᠭᠤᠵᠤ ᠢᠯᠡᢉᠡᢈᠦ ᠲᠣᠪᠴᠢ ᠶ᠋ᠢ ᠳᠠᠷᠤᠭᠰᠠᠨ ᠢ᠋ᠶᠠᠷ ᠲᠠᠨ ᠤ᠋ ᠰᠠᠨᠠᠯ ᠠᠮᠵᠢᠯᠲᠠᠲᠠᠢ ᠢᠯᠡᢉᠡᢉᠳᠡᠨᠡ᠃
