ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E᠆Mongolia ᠰᠢᠰᠲ᠋ᠧᠮ ᠢ᠋ᠶᠡᠷ ᠳᠠᠮᠵᠢᠭᠤᠯᠤᠨ ᠠᠦ᠋ᠲ᠋ᠣᠲᠡᢉᠡᢉᠡᠪᠦᠷᠢ ᠶ᠋ᠢᠨ ᠦᠨᠳᠦᠰᠦᠨ ᠦ᠋ ᠲᠥᠪ ᠡᠴᠡ ᠣᠯᠭᠤᠳᠠᠭ ᠬᠣᠶᠠᠷ ᠲᠥᠷᠦᠯ ᠦ᠋ᠨ ᠯᠠᠪᠯᠠᠭᠠ ᠶ᠋ᠢ ᠠᠩᠯᠢ ᢈᠡᠯᠡ ᠪᠡᠷ ᠠᠪᠬᠤ ᠪᠣᠯᠤᠮᠵᠢ ᠶ᠋ᠢ ᠢᠷᢉᠡᠳ ᠲᠦ ᠰᠢᠨᠡ ᠪᠡᠷ ᠨᠡᠪᠲᠡᠷᠡᢉᠦᠯᠦᠯᠡ᠃ ᠠᠩᠯᠢ ᢈᠡᠯᠡ ᠪᠡᠷ ᠠᠪᠬᠤ ᠪᠣᠯᠤᠮᠵᠢᠲᠠᠢ ᠯᠠᠪᠯᠠᠭᠠ
• ᠠᠦ᠋ᠲ᠋ᠣ᠋ᠲᠡᢉᠡᢉᠡᠪᠦᠷᠢ ᠶ᠋ᠢᠨ ᢈᠡᠷᠡᢉᠰᠡᠯ ᠦ᠋ᠨ ᠴᠠᢈᠢᠮ ᢉᠡᠷᠡᠴᠢᠯᠡᢉᠡᠨ ᠦ᠋ ᠯᠠᠪᠯᠠᠭᠠ
• ᠮᠡᠷᢉᠡᠰᠢᢉᠰᠡᠨ ᠵᠢᠯᠤᠭᠤᠴᠢ ᠶ᠋ᠢᠨ ᠦᠨᠡᠮᠯᠡᢈᠦ ᠶ᠋ᠢᠨ ᠯᠠᠪᠯᠠᠭᠠ
ᠦᠶᠢᠯᠡᠴᠢᠯᠡᢉᠡ ᠠᠪᠬᠤ ᠵᠢᠭᠠᠪᠤᠷᠢ
᠑᠃ E᠆Mongolia ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠨᠡᠪᠲᠡᠷᠡᠨᠡ᠃ ᠒᠃ “ᠦᠶᠢᠯᠡᠴᠢᠯᠡᢉᠡ ᠬᠠᠶᠢᠬᠤ” ᢈᠡᠰᠡᢉ ᠲᠦ ᠦᠶᠢᠯᠡᠴᠢᠯᠡᢉᠡᠨ ᠦ᠋ ᠨᠡᠷᠡ ᠪᠡᠷ ᠬᠠᠶᠢᠯᠲᠠ ᢈᠢᠨᠡ᠃ ᠓᠃ ᠯᠠᠪᠯᠠᠭᠠ ᠶ᠋ᠢ ᠠᠩᠯᠢ ᢈᠡᠯᠡ ᠳᠡᢉᠡᠷᠡ ᠴᠠᢈᠢᠮ ᠢ᠋ᠶᠠᠷ ᠰᠢᠭᠤᠳ ᠠᠪᠤᠨᠠ᠃
ᠢᠩᢉᠢᢉᠰᠡᠨ ᠢ᠋ᠶᠡᠷ ᠢᠷᢉᠡᠳ ᠭᠠᠳᠠᠭᠠᠳᠤ ᠤᠯᠤᠰ ᠲᠤ ᠠᠰᠢᠭᠯᠠᠬᠤ ᠯᠠᠪᠯᠠᠭᠠ ᠪᠠᠨ ᠲᠥᠷᠦ ᠶ᠋ᠢᠨ ᠪᠠᠶᠢᠭᠤᠯᠤᠯᠭᠠ ᠳ᠋ᠤ ᠪᠡᠶᠡᠴᠢᠯᠡᠨ ᠣᠴᠢᠯ ᠦᢉᠡᠢ᠂ ᠴᠠᢈᠢᠮ ᠢ᠋ᠶᠠᠷ ᠰᠢᠭᠤᠷᠬᠠᠢ ᠠᠪᠬᠤ ᠪᠣᠯᠤᠮᠵᠢᠲᠠᠢ ᠪᠣᠯᠤᠯᠠ᠃ ᠮᠥᠨ ᠪᠠᠷᠢᠮᠲᠠ ᠪᠢᠴᠢᢉ ᠢ᠋ ᠳᠠᢈᠢᠨ ᠣᠷᠴᠢᠭᠤᠯᠬᠤ ᠳ᠋ᠤ ᠵᠠᠷᠤᠴᠠᠭᠤᠯᠳᠠᠭ ᠴᠠᠭ ᠬᠤᠭᠤᠴᠠᠭᠠ᠂ ᠵᠠᠷᠤᠳᠠᠯ ᠢ᠋ᠶᠠᠨ ᢈᠡᠮᠨᠡᠨᠡ᠃ E᠆Mongolia ᠰᠢᠰᠲ᠋ᠧᠮ ᠨᠢ ᠲᠥᠷᠦ ᠶ᠋ᠢᠨ ᠦᠶᠢᠯᠡᠴᠢᠯᠡᢉᠡ ᠶ᠋ᠢ ᠢᠷᢉᠡᠨ ᠲᠥᠪᠲᠡᠢ᠂ ᢈᠦᠷᠲᠡᢉᠡᠮᠵᠢᠲᠡᠢ᠂ ᠰᠢᠭᠤᠷᠬᠠᠢ ᢈᠦᠷᢉᠡᢈᠦ ᠵᠣᠷᠢᠯᠭᠠ ᠶ᠋ᠢᠨ ᢈᠦᠷᠢᠶᠡᠨ ᠳ᠋ᠦ ᠢᠷᢉᠡᠳ ᠦ᠋ᠨ ᢈᠡᠷᠡᢉᠴᠡᢉᠡᠨ ᠳ᠋ᠦ ᠨᠡᠶᠢᠴᠡᢉᠰᠡᠨ ᠴᠠᢈᠢᠮ ᠦᠶᠢᠯᠡᠴᠢᠯᠡᢉᠡ ᠶ᠋ᠢ ᠦᠶᠡ ᠱᠠᠲᠤᠲᠠᠢ ᠪᠠᠷ ᠨᠡᠮᠡᢉᠳᠡᢉᠦᠯᠵᠦ ᠪᠠᠶᠢᠨᠠ᠃ ᠠᠦ᠋ᠲ᠋ᠣ᠋ᠲᠡᢉᠡᢉᠡᠪᠦᠷᠢ ᠶ᠋ᠢᠨ ᠯᠠᠪᠯᠠᠭᠠ ᠶ᠋ᠢ ᠠᠩᠯᠢ ᢈᠡᠯᠡ ᠪᠡᠷ ᠠᠪᠬᠤ ᠪᠣᠯᠤᠮᠵᠢ ᠪᠦᠷᠢᠳᠦᢉᠰᠡᠨ ᠢ᠋ᠶᠡᠷ ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᢈᠦᠷᠲᠡᢉᠡᠮᠵᠢ ᠨᠡᠮᠡᢉᠳᠡᠵᠦ᠂ ᠭᠠᠳᠠᠭᠠᠳᠤ ᠤᠯᠤᠰ ᠲᠤ ᠠᠰᠢᠭᠯᠠᠬᠤ ᠪᠠᠷᠢᠮᠲᠠ ᠪᠢᠴᠢᢉ ᠦ᠋ᠨ ᠪᠦᠷᠢᠳᠦᢉᠦᠯᠦᠯᠲᠡ ᠢᠯᠡᢉᠦᠦ ᢈᠢᠯᠪᠠᠷ ᠪᠣᠯᠤᠨᠠ᠃
ᠴᠠᢈᠢᠮ ᠢ᠋ᠶᠠᠷ ᠰᠢᠢᠳᠴᠦ ᠴᠠᠭ ᠢ᠋ᠶᠠᠨ ᢈᠡᠮᠨᠡᠶᠡ E᠆Mongolia
ᠠᠩᠬᠠᠷᠤᠯ ᠬᠠᠨᠳᠤᠭᠤᠯᠤᠭᠰᠠᠨ ᠳ᠋ᠤ ᠪᠠᠶᠠᠷᠯᠠᠯᠠ
