ᠡᠷᠡᠭᠦᠯ ᠮᠡᠨᠳᠦ ᠶᠢᠨ ᠬᠥᠭᠵᠢᠯ ᠦᠨ ᠲᠥᠪ ᠡᠴᠡ ᠦᠵᠡᠭᠦᠯᠳᠡᠭ «ᠡᠷᠡᠭᠦᠯ ᠮᠡᠨᠳᠦ ᠶᠢᠨ ᠠᠵᠢᠯᠲᠠᠨ ᠤ ᠮᠡᠷᠭᠡᠰᠢᠯ ᠦᠨ ᠵᠡᠷᠭᠡ ᠶᠢᠨ ᠯᠠᠪᠯᠠᠭ᠎ᠠ» ᠪᠣᠯᠤᠨ «ᠡᠮᠨᠡᠯᠭᠡ ᠶᠢᠨ ᠮᠡᠷᠭᠡᠵᠢᠯᠲᠡᠨ ᠦ ᠮᠡᠷᠭᠡᠵᠢᠯ ᠦᠨ ᠦᠢᠯᠡ ᠠᠵᠢᠯᠯᠠᠭ᠎ᠠ ᠡᠷᠬᠢᠯᠡᠬᠦ ᠵᠥᠪᠰᠢᠶᠡᠷᠡᠯ ᠦᠨ ᠯᠠᠪᠯᠠᠭ᠎ᠠ» ᠦᠢᠯᠡᠴᠢᠯᠡᠭᠡ ᠶᠢ ᠲᠥᠷᠦ ᠶᠢᠨ ᠦᠢᠯᠡᠴᠢᠯᠡᠭᠡᠨ ᠦ ᠨᠢᠭᠡᠳᠦᠭᠰᠡᠨ E-Mongolia ᠰᠢᠰᠲ᠋ᠧᠮ ᠡᠴᠡ ᠠᠩᠭᠯᠢ ᠬᠡᠯᠡ ᠪᠡᠷ ᠠᠪᠬᠤ ᠪᠣᠯᠤᠮᠵᠢ ᠲᠠᠶ ᠪᠣᠯᠤᠯ᠎ᠠ᠃
ᠢᠩᠭᠢᠭᠰᠡᠨ ᠢᠶᠡᠷ ᠡᠷᠡᠭᠦᠯ ᠮᠡᠨᠳᠦ ᠶᠢᠨ ᠠᠵᠢᠯᠲᠠᠨ᠂ ᠡᠮᠨᠡᠯᠭᠡ ᠶᠢᠨ ᠮᠡᠷᠭᠡᠵᠢᠯᠲᠡᠨ ᠨᠦᠭᠦᠳ ᠥᠭᠡᠷ᠎ᠡ ᠶᠢᠨ ᠮᠡᠷᠭᠡᠰᠢᠯ ᠦᠨ ᠵᠡᠷᠭᠡ ᠪᠣᠯᠤᠨ ᠮᠡᠷᠭᠡᠵᠢᠯ ᠦᠨ ᠦᠢᠯᠡ ᠠᠵᠢᠯᠯᠠᠭ᠎ᠠ ᠡᠷᠬᠢᠯᠡᠬᠦ ᠵᠥᠪᠰᠢᠶᠡᠷᠡᠯ ᠲᠡᠶ ᠬᠣᠯᠪᠤᠭ᠎ᠠ ᠲᠠᠢ ᠮᠡᠳᠡᠭᠡᠯᠡᠯ ᠢ ᠠᠩᠭᠯᠢ ᠬᠡᠯᠡ ᠪᠡᠷ ᠠᠪᠴᠤ᠂ ᠭᠠᠳᠠᠭᠠᠳᠤ ᠤᠯᠤᠰ ᠲᠤ ᠰᠤᠷᠤᠯᠴᠠᠬᠤ᠂ ᠮᠡᠷᠭᠡᠵᠢᠯ ᠳᠡᠭᠡᠭᠰᠢᠯᠠᠭᠦᠯᠬᠦ᠂ ᠠᠵᠢᠯᠯᠠᠬᠤ ᠪᠣᠯᠤᠨ ᠮᠡᠷᠭᠡᠵᠢᠯ ᠦᠨ ᠦᠢᠯᠡ ᠠᠵᠢᠯᠯᠠᠭ᠎ᠠ ᠡᠷᠬᠢᠯᠡᠬᠦ ᠲᠡᠢ ᠬᠣᠯᠪᠤᠭ᠎ᠠ ᠲᠠᠢ ᠪᠠᠷᠢᠮᠲᠠ ᠪᠢᠴᠢᠭ ᠪᠦᠷᠢᠳᠦᠭᠦᠯᠬᠦ ᠳᠦ ᠠᠰᠢᠭᠯᠠᠬᠤ ᠪᠣᠯᠤᠮᠵᠢ ᠲᠠᠶ ᠪᠣᠯᠵᠤ ᠪᠠᠶᠢᠨ᠎ᠠ᠃
ᠳᠡᠭᠡᠷᠡᠬᠢ ᠯᠠᠪᠯᠠᠭ᠎ᠠ ᠶᠢ ᠠᠩᠭᠯᠢ ᠬᠡᠯᠡ ᠪᠡᠷ ᠴᠠᠬᠢᠮ ᠢᠶᠠᠷ ᠠᠪᠬᠤ ᠪᠣᠯᠤᠮᠵᠢ ᠪᠦᠷᠢᠳᠦᠭᠰᠡᠨ ᠢᠶᠡᠷ ᠡᠷᠡᠭᠦᠯ ᠮᠡᠨᠳᠦ ᠶᠢᠨ ᠰᠠᠯᠪᠤᠷᠢ ᠶᠢᠨ ᠮᠡᠷᠭᠡᠵᠢᠯᠲᠡᠨ ᠨᠦᠭᠦᠳ ᠦᠨ ᠬᠡᠷᠡᠭᠴᠡᠭᠡ ᠶᠢ ᠬᠠᠩᠭᠠᠬᠤ ᠶᠢᠨ ᠵᠡᠷᠭᠡᠴᠡᠭᠡ ᠲᠥᠷᠦ ᠶᠢᠨ ᠦᠢᠯᠡᠴᠢᠯᠡᠭᠡᠨ ᠦ ᠬᠦᠷᠲᠡᠭᠡᠮᠵᠢ ᠶᠢ ᠨᠡᠮᠡᠭᠳᠡᠭᠦᠯᠵᠦ᠂ ᠴᠠᠭ ᠬᠤᠭᠤᠴᠠᠭ᠎ᠠ᠂ ᠵᠠᠷᠤᠳᠠᠯ ᠢ ᠬᠡᠮᠨᠡᠬᠦ ᠠᠴᠢ ᠬᠣᠯᠪᠤᠭᠳᠠᠯᠲᠠᠢ ᠶᠠᠭᠤᠮ᠎ᠠ᠃
ᠦᠢᠯᠡᠴᠢᠯᠡᠭᠡ ᠶᠢ ᠬᠡᠷᠬᠢᠨ ᠠᠪᠬᠤ ᠪᠤᠶ?
1᠃ E-Mongolia ᠰᠢᠰᠲ᠋ᠧᠮ ᠳᠦ ᠥᠭᠡᠷ᠎ᠡ ᠶᠢᠨ ᠪᠦᠷᠢᠳᠬᠡᠯ ᠢᠶᠡᠷ ᠨᠡᠪᠲᠡᠷᠡᠨ᠎ᠡ᠃
2᠃ ᠦᠢᠯᠡᠴᠢᠯᠡᠭᠡᠨ ᠦ ᠬᠠᠶᠢᠯᠲᠠ ᠶᠢᠨ ᠬᠡᠰᠡᠭ ᠲᠦ ᠠᠪᠬᠤ ᠶᠢ ᠬᠦᠰᠡᠭᠰᠡᠨ ᠯᠠᠪᠯᠠᠭᠠᠨ ᠤ ᠨᠡᠷ᠎ᠡ ᠶᠢ ᠪᠢᠴᠢᠵᠦ ᠬᠠᠶᠢᠨ᠎ᠠ᠃
3᠃ ᠦᠢᠯᠡᠴᠢᠯᠡᠭᠡ ᠶᠢ ᠰᠣᠩᠭᠤᠨ᠂ ᠱᠠᠭᠠᠷᠳᠠᠯᠭ᠎ᠠ ᠲᠠᠢ ᠮᠡᠳᠡᠭᠡᠯᠡᠯ ᠢ ᠰᠢᠯᠭᠠᠨ᠎ᠠ᠃
4᠃ ᠯᠠᠪᠯᠠᠭ᠎ᠠ ᠶᠢ ᠠᠩᠭᠯᠢ ᠬᠡᠯᠡ ᠪᠡᠷ ᠠᠪᠬᠤ ᠰᠣᠩᠭᠤᠯᠲᠠ ᠶᠢ ᠰᠣᠩᠭᠤᠵᠤ᠂ ᠬᠦᠰᠡᠯᠲᠡ ᠪᠡᠨ ᠢᠯᠡᠭᠡᠨ᠎ᠡ᠃
5᠃ ᠦᠢᠯᠡᠴᠢᠯᠡᠭᠡᠨ ᠦ ᠦᠷ᠎ᠡ ᠳ᠋ᠦᠩ ᠢᠶᠡᠨ ᠴᠠᠬᠢᠮ ᠢᠶᠠᠷ ᠬᠦᠯᠢᠶᠡᠨ ᠠᠪᠤᠨ᠎ᠠ᠃
ᠴᠠᠬᠢᠮ ᠢᠶᠠᠷ ᠰᠶᠢᠳᠴᠦ᠂ ᠴᠠᠭ᠎ᠠ ᠬᠡᠮᠨᠡᠶ ᠡ E-Mongolia
