ᠲᠥᠷᠥ ᠶᠢᠨ ᠦᠢᠯᠡᠴᠢᠯᠡᠭᠡᠨ ᠦ ᠨᠢᠭᠡᠳᠦᠭᠰᠡᠨ ᠫᠯᠠᠲ᠋ᠹᠣᠷᠮ 《ᠢ-ᠮᠣᠩᠭᠣᠯᠢᠶᠠ》 ᠢᠢᠨ ᠰᠢᠨᠡᠴᠢᠯᠡᠭᠰᠡᠨ 《ᠢ-ᠮᠣᠩᠭᠣᠯᠢᠶᠠ ᠓.᠐》 ᠬᠤᠪᠢᠯᠪᠤᠷᠢ ᠶᠢ ᠥᠨᠥᠳᠥᠷ ᠨᠡᠭᠡᠭᠡᠯ᠎ᠡ. 《ᠢ-ᠮᠣᠩᠭᠣᠯᠢᠶᠠ ᠓.᠐》 ᠨᠡᠭᠡᠭᠡᠯᠲᠡ ᠶᠢᠨ ᠦᠢᠯᠡ ᠠᠵᠢᠯᠯᠠᠭᠠᠨ ᠳᠤ ᠮᠣᠩᠭᠣᠯ ᠤᠯᠤᠰ ᠤᠨ ᠶᠡᠷᠦᠩᠬᠡᠢ ᠰᠠᠶᠢᠳ ᠯ ∙ ᠣᠶᠤᠨ-ᠡᠷᠳᠡᠨᠢ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠴᠠᠬᠢᠮ ᠬᠥᠭᠵᠢᠯ ᠬᠠᠷᠢᠯᠴᠠᠭ᠎ᠠ ᠬᠣᠯᠪᠣᠭᠠᠨ ᠤ ᠰᠠᠶᠢᠳ ᠨ ∙ ᠤᠴᠠᠷᠠᠯ ᠪᠣᠯᠤᠨ ᠤᠯᠤᠰ ᠤᠨ ᠶᠡᠬᠡ ᠬᠤᠷᠠᠯ ᠤᠨ ᠭᠡᠰᠢᠭᠦᠳ᠂ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠤᠳ᠂ ᠣᠯᠠᠨ ᠤᠯᠤᠰ ᠤᠨ ᠪᠣᠯᠤᠨ ᠦᠢᠯᠡᠴᠢᠯᠡᠭᠡ ᠪᠡᠨ ᠴᠠᠬᠢᠮᠵᠢᠭᠤᠯᠤᠭᠰᠠᠨ ᠲᠥᠷᠥ ᠶᠢᠨ ᠪᠠᠶᠢᠭᠤᠯᠤᠯᠭ᠎ᠠ᠂ ᠬᠤᠪᠢ ᠢᠢᠨ ᠬᠡᠪᠰᠢᠯ ᠦᠨ ᠲᠥᠯᠥᠭᠡᠯᠡᠯ ᠒᠕᠐ ᠭᠠᠷᠤᠢ ᠵᠣᠴᠢᠳ ᠤᠷᠤᠯᠴᠠᠪᠠ᠃
ᠮᠣᠩᠭᠣᠯ ᠤᠯᠤᠰ ᠤᠨ ᠵᠠᠰᠠᠭ ᠤᠨ ᠭᠠᠵᠠᠷ 《ᠠᠯᠤᠰ ᠤᠨ ᠬᠠᠷᠠᠭ᠎ᠠ ᠒᠐᠕᠐》 ᠤᠷᠲᠤ ᠬᠤᠭᠤᠴᠠᠭᠠᠨ ᠤ ᠨᠢᠭᠡᠳᠦᠭᠰᠡᠨ ᠪᠣᠳᠣᠯᠭ᠎ᠠ ᠶᠢᠨ ᠪᠠᠷᠢᠮᠲᠠ ᠪᠢᠴᠢᠭ ᠲᠡᠢ ᠪᠣᠯᠵᠤ᠂ 《ᠴᠠᠬᠢᠮ ᠮᠣᠩᠭᠣᠯ》 ᠵᠣᠷᠢᠯᠲᠠ ᠶᠢ ᠳᠡᠪᠰᠢᠭᠦᠯᠵᠦ᠂ ᠰᠡᠭᠦᠯ ᠦᠨ 3 ᠵᠢᠯ ᠳᠦ ᠴᠠᠬᠢᠮ ᠰᠢᠯᠵᠢᠯᠲᠡ ᠶᠢ ᠡᠷᠴᠢᠮᠵᠢᠭᠦᠯᠦᠨ ᠠᠵᠢᠯᠯᠠᠵᠤ ᠪᠠᠶᠢᠨ᠎ᠠ᠃ ᠡᠨᠡᠬᠦ ᠪᠣᠳᠣᠯᠭ᠎ᠠ ᠶᠢᠨ ᠪᠠᠷᠢᠮᠲᠠ ᠪᠢᠴᠢᠭ ᠦᠨ ᠬᠦᠷᠢᠶᠡᠨ ᠳᠦ ᠲᠥᠷᠥ ᠶᠢᠨ ᠦᠢᠯᠡᠴᠢᠯᠡᠭᠡᠨ ᠦ ᠨᠢᠭᠡᠳᠦᠭᠰᠡᠨ ᠰᠢᠰᠲ᠋ᠧᠮ 《ᠢ-ᠮᠣᠩᠭᠣᠯᠢᠶᠠ》 ᠍ ᠢ ᠒᠐᠒᠐ ᠣᠨ ᠤ ᠑᠐ ᠳ᠋ᠤᠭᠠᠷ ᠰᠠᠷ᠎ᠠ ᠶᠢᠨ ᠐᠑ ᠍ ᠦ ᠡᠳᠦᠷ ᠲᠥᠷᠥ ᠶᠢᠨ ᠒᠓ ᠪᠠᠶᠢᠭᠤᠯᠤᠯᠭ᠎ᠠ ᠶᠢᠨ ᠑᠘᠑ ᠦᠢᠯᠡᠴᠢᠯᠡᠭᠡ ᠶᠢ ᠴᠠᠬᠢᠮ ᠬᠡᠯᠪᠡᠷᠢ ᠪᠡᠷ ᠦᠵᠡᠭᠦᠯᠬᠦ ᠪᠣᠯᠤᠮᠵᠢ ᠲᠠᠢ ᠪᠠᠷ ᠠᠩᠬ᠎ᠠ ᠣᠯᠠᠨ ᠨᠡᠶᠢᠲᠡ ᠳᠦ ᠲᠠᠨᠢᠯᠴᠠᠭᠤᠯᠵᠤ ᠪᠠᠶᠢᠭᠰᠠᠨ᠃
ᠲᠡᠭᠡᠪᠡᠯ ᠥᠨᠥᠳᠥᠷ ᠘᠑ ᠪᠠᠶᠢᠭᠤᠯᠤᠯᠭ᠎ᠠ ᠶᠢᠨ ᠑᠐᠐᠐ ᠭᠠᠷᠤᠢ ᠦᠢᠯᠡᠴᠢᠯᠡᠭᠡ ᠶᠢ ᠢ-ᠮᠣᠩᠭᠣᠯᠢᠶᠠ ᠰᠢᠰᠲ᠋ᠧᠮ ᠳᠦ ᠨᠡᠪᠲᠡᠷᠡᠭᠦᠯᠦᠭᠰᠡᠨ ᠲᠡᠳᠦᠢ ᠦᠭᠡᠢ ᠑.᠖ ᠰᠠᠶ᠎ᠠ ᠬᠡᠷᠡᠭᠯᠡᠭᠴᠢ ᠲᠡᠢ ᠪᠣᠯᠤᠭᠰᠠᠨ ᠨᠢ ᠮᠣᠩᠭᠣᠯ ᠤᠯᠤᠰ ᠤᠨ ᠨᠠᠰᠤᠨ ᠳᠤ ᠬᠦᠷᠦᠭᠰᠡᠨ ᠬᠦᠮᠦᠨ ᠠᠮᠠ ᠶᠢᠨ ᠗᠓ ᠬᠤᠪᠢ ᠢᠢ ᠡᠵᠡᠯᠡᠵᠦ ᠪᠠᠶᠢᠨ᠎ᠠ᠃ ᠲᠡᠭᠦᠨᠴᠢᠯᠡᠨ ᠢᠷᠭᠡᠳ ᠓ ᠵᠢᠯ ᠦᠨ ᠬᠤᠭᠤᠴᠠᠭᠠᠨ ᠳᠤ ᠨᠡᠶᠢᠲᠡ ᠒᠘ ᠰᠠᠶ᠎ᠠ ᠤᠳᠠᠭ᠎ᠠ ᠶᠢᠨ ᠠᠮᠵᠢᠯᠲᠠ ᠲᠠᠢ ᠦᠢᠯᠡᠴᠢᠯᠡᠭᠡ ᠶᠢ ᠢ-ᠮᠣᠩᠭᠣᠯᠢᠶᠠ ᠰᠢᠰᠲ᠋ᠧᠮ ᠢᠶᠡᠷ ᠳᠠᠮᠵᠢᠭᠤᠯᠤᠨ ᠠᠪᠤᠭᠰᠠᠨ ᠢᠶᠠᠷ ᠨᠡᠶᠢᠲᠡ ᠳᠦ ᠪᠡᠨ ᠒᠕᠔ ᠲᠡᠷᠪᠤᠮ ᠲᠥᠭᠥᠷᠢᠭ ᠢᠶᠡᠨ ᠬᠡᠮᠨᠡᠭᠰᠡᠨ ᠭᠡᠬᠦ ᠲᠣᠭᠠᠴᠠᠭ᠎ᠠ ᠪᠤᠢ᠃ ᠲᠤᠬᠠᠶᠢᠯᠠᠪᠠᠯ᠂
ᠲᠥᠷᠥ ᠶᠢᠨ ᠪᠠᠶᠢᠭᠤᠯᠤᠯᠭ᠎ᠠ ᠤᠷᠤᠭᠤ ᠢᠷᠡᠵᠦ᠂ ᠪᠤᠴᠠᠬᠤ ᠵᠠᠷᠤᠳᠠᠯ ᠙᠒.᠙ ᠲᠡᠷᠪᠤᠮ
ᠦᠢᠯᠡᠴᠢᠯᠡᠭᠡ ᠠᠪᠬᠤ ᠳᠤ ᠱᠠᠭᠠᠷᠳᠠᠭᠳᠠᠬᠤ ᠪᠠᠷᠢᠮᠲᠠ ᠪᠢᠴᠢᠭ ᠪᠦᠷᠢᠳᠦᠭᠦᠯᠬᠦ ᠵᠠᠷᠤᠳᠠᠯ ᠑.᠐᠕ ᠲᠡᠷᠪᠤᠮ ᠲᠥᠭᠥᠷᠢᠭ
ᠦᠢᠯᠡᠴᠢᠯᠡᠭᠡ ᠠᠪᠬᠤ ᠳᠤ ᠵᠠᠷᠤᠴᠠᠭᠤᠯᠵᠤ ᠪᠤᠢ ᠬᠤᠭᠤᠴᠠᠭᠠᠨ ᠠᠴᠠ ᠡᠭᠦᠳᠦᠯᠲᠡᠢ ᠵᠠᠷᠤᠳᠠᠯ ᠳᠤ ᠑᠖᠐.᠑ ᠲᠡᠷᠪᠤᠮ ᠲᠥᠭᠥᠷᠢᠭ ᠢ ᠲᠤᠰ ᠲᠤᠰ ᠬᠡᠮᠨᠡᠵᠡᠢ᠃
᠒᠐᠒᠑ ᠣᠨ ᠤ ᠐᠙ ᠳ᠋ᠤᠭᠡᠷ ᠰᠠᠷ᠎ᠠ ᠶᠢᠨ ᠑᠗ ᠍ ᠳᠦ 《ᠢ-ᠮᠣᠩᠭᠣᠯᠢᠶᠠ ᠒.᠐》 ᠬᠤᠪᠢᠯᠪᠤᠷᠢ ᠶᠢ ᠲᠠᠨᠢᠯᠴᠠᠭᠤᠯᠤᠭᠰᠠᠨ᠃ ᠡᠭᠦᠨ ᠦ ᠦᠷ᠎ᠡ ᠳ᠋ᠦᠩ ᠳᠦ ᠢᠷᠭᠡᠳ ᠢ-ᠮᠣᠩᠭᠣᠯᠢᠶᠠ ᠭᠠᠷ ᠤᠲᠠᠰᠤᠨ ᠤ ᠠᠫᠫᠯᠢᠺᠸᠢᠢᠱᠢᠨ ᠤ ᠪᠠᠨ ᠫᠷᠣᠹᠠᠶᠢᠯ ᠬᠡᠰᠡᠭ ᠡᠴᠡ ᠢᠷᠭᠡᠨ ᠦ ᠦᠨᠡᠮᠯᠡᠬᠦ᠂ ᠵᠢᠯᠤᠭᠤᠨ ᠤ ᠦᠨᠡᠮᠯᠡᠬᠦ᠂ ᠵᠡᠭᠡᠯᠢ ᠶᠢᠨ ᠮᠡᠳᠡᠭᠡᠯᠡᠯ᠂ ᠲᠠᠲᠠᠪᠤᠷᠢ᠂ ᠦᠨᠡᠲᠦ ᠴᠠᠭᠠᠰᠤ᠂ ᠬᠤᠪᠢᠴᠠᠭ᠎ᠠ᠂ ᠨᠡᠶᠢᠭᠡᠮ ᠤᠨ ᠳᠠᠭᠠᠳᠬᠠᠯ ᠵᠡᠷᠭᠡ ᠖ ᠲᠥᠷᠥᠯ ᠦᠨ ᠙ ᠦᠢᠯᠡᠴᠢᠯᠡᠭᠡᠨ ᠦ ᠮᠡᠳᠡᠭᠡᠯᠡᠯ ᠢ ᠥᠪᠡᠷ ᠢᠶᠡᠨ ᠬᠠᠷᠠᠬᠤ ᠪᠣᠯᠤᠮᠵᠢ ᠲᠠᠢ ᠪᠣᠯᠤᠭᠰᠠᠨ᠃
ᠬᠠᠷᠢᠨ ᠥᠨᠥᠳᠥᠷ ᠪᠤᠶᠤ ᠒᠐᠒᠓ ᠣᠨ ᠤ ᠐᠕ ᠳ᠋ᠤᠭᠠᠷ ᠰᠠᠷ᠎ᠠ ᠶᠢᠨ ᠒᠕ ᠍ ᠤ ᠡᠳᠦᠷ 《ᠢ-ᠮᠣᠩᠭᠣᠯ ᠠᠺᠠᠳᠧᠮᠢ》 ᠤᠯᠤᠰ ᠤᠨ ᠲᠥᠰᠥᠪᠲᠦ ᠦᠢᠯᠡᠳᠪᠦᠷᠢ ᠶᠢᠨ ᠭᠠᠵᠠᠷ ᠠᠴᠠ 《ᠢ-ᠮᠣᠩᠭᠣᠯᠢᠶᠠ ᠓.᠐》 ᠰᠢᠨᠡᠴᠢᠯᠡᠭᠰᠡᠨ ᠬᠤᠪᠢᠯᠪᠤᠷᠢ ᠶᠢᠨ ᠢᠶᠠᠨ ᠬᠦᠷᠢᠶᠡᠨ ᠳᠦ ᠬᠢᠭᠰᠡᠨ ᠰᠢᠨ᠎ᠡ᠂ ᠰᠣᠳᠣᠨ᠂ ᠤᠬᠠᠭᠠᠯᠢᠭ ᠰᠢᠢᠳᠦᠯ ᠦᠳ ᠢ ᠲᠠᠨᠢᠯᠴᠠᠭᠤᠯᠵᠤ ᠪᠠᠶᠢᠨ᠎ᠠ᠃
ᠴᠣ ᠰᠢᠨ᠎ᠡ ᠥᠩᠭᠡ ᠲᠥᠷᠬᠥ
ᠢ ᠮᠣᠩᠭᠣᠯᠢᠶᠠ ᠰᠢᠰᠲ᠋ᠧᠮ ᠬᠡᠷᠡᠭᠯᠡᠭᠴᠢᠳ ᠲᠦ ᠣᠶᠢᠯᠠᠭᠠᠮᠵᠢᠲᠠᠢ᠂ ᠠᠰᠢᠭᠯᠠᠬᠤ ᠳᠤ ᠢᠯᠡᠭᠦᠦ ᠬᠢᠯᠪᠠᠷ ᠪᠣᠯᠤᠯ᠎ᠠ᠃ ᠲᠤᠰ ᠥᠭᠡᠷᠡᠴᠢᠯᠡᠯᠲᠡ ᠶᠢ ᠬᠢᠬᠦ ᠶᠢᠨ ᠲᠤᠯᠠᠳᠠ ᠢ ᠮᠣᠩᠭᠣᠯᠢᠶᠠ ᠰᠢᠰᠲ᠋ᠧᠮ ᠦᠨ ᠬᠡᠷᠡᠭᠯᠡᠭᠴᠢᠳ ᠢ ᠰᠤᠳᠤᠯᠵᠤ ᠮᠡᠳᠡᠭᠡᠯᠡᠯ ᠦᠨ ᠲᠧᠭᠨᠣᠯᠣᠭᠢ ᠠᠰᠢᠭᠯᠠᠬᠤ ᠲᠤᠷᠰᠢᠯᠭ᠎ᠠ᠂ ᠵᠠᠩ ᠦᠢᠯᠡ ᠳᠦ ᠨᠢ ᠦᠨᠳᠦᠰᠦᠯᠡᠨ ᠰᠢᠰᠲ᠋ᠧᠮ ᠠᠰᠢᠭᠯᠠᠬᠤ ᠳᠤ ᠬᠦᠨᠳᠦᠷᠡᠯ ᠤᠴᠠᠷᠠᠭᠤᠯᠳᠠᠭ 《ᠨᠡᠪᠲᠡᠷᠡᠬᠦ ᠳᠦ ᠲᠥᠪᠡᠭᠲᠡᠢ᠂ ᠬᠠᠶᠢᠵᠤ ᠪᠤᠢ ᠦᠢᠯᠡᠴᠢᠯᠡᠭᠡ ᠬᠢᠯᠪᠠᠷ ᠣᠯᠳᠠᠳᠠᠭ ᠦᠭᠡᠢ᠂ ᠬᠦᠷᠲᠡᠭᠡᠮᠵᠢ ᠶᠢᠨ ᠱᠠᠭᠠᠷᠳᠠᠯᠭ᠎ᠠ ᠬᠠᠩᠭᠠᠭ᠎ᠠ ᠦᠭᠡᠢ᠂ ᠦᠢᠯᠡᠴᠢᠯᠡᠭᠡᠨ ᠦ ᠰᠢᠢᠳᠪᠦᠷᠢᠯᠡᠯᠲᠡ ᠶᠢᠨ ᠶᠠᠪᠤᠴᠠ ᠣᠶᠢᠯᠠᠭᠠᠮᠵᠢ ᠦᠭᠡᠢ》 ᠵᠡᠷᠭᠡ ᠣᠯᠠᠨ ᠠᠰᠠᠭᠤᠳᠠᠯ ᠢ ᠰᠢᠢᠳᠬᠥ ᠪᠠᠶᠢᠳᠠᠯ ᠢᠶᠠᠷ UI᠂ UX ᠳ᠋ᠢᠽᠠᠶᠢᠨ ᠢ ᠰᠠᠶᠢᠵᠢᠷᠠᠭᠤᠯᠪᠠ᠃
ᠢ ᠮᠣᠩᠭᠣᠯᠢᠶᠠ ᠰᠢᠰᠲ᠋ᠧᠮ ᠬᠡᠷᠡᠭᠯᠡᠭᠴᠢᠳ ᠦᠨ ᠘᠕ ᠭᠠᠷᠤᠢ ᠬᠤᠪᠢ ᠨᠢ ᠭᠠᠷ ᠤᠲᠠᠰᠤᠨ ᠤ ᠠᠫᠫᠯᠢᠺᠸᠢᠢᠱᠢᠨ ᠢᠶᠠᠷ ᠳᠠᠮᠵᠢᠭᠤᠯᠤᠨ ᠦᠢᠯᠡᠴᠢᠯᠡᠭᠡ ᠠᠪᠳᠠᠭ ᠲᠤᠯᠠ ᠢ ᠮᠣᠩᠭᠣᠯᠢᠶᠠ ᠓.᠐ ᠬᠤᠪᠢᠯᠪᠤᠷᠢ ᠪᠠᠷ ᠳᠠᠷᠠᠭᠠᠬᠢ ᠰᠢᠨᠡᠴᠢᠯᠡᠯ ᠦᠳ ᠢ ᠬᠢᠯ᠎ᠡ᠃ ᠡᠭᠦᠨ ᠳᠦ᠂
- ᠬᠡᠷᠡᠭᠯᠡᠭᠴᠢᠳ ᠢᠷᠭᠡᠨ ᠦ ᠦᠨᠡᠮᠯᠡᠬᠦ ᠶᠢᠨ ᠵᠢᠷᠭᠤᠭ ᠢᠶᠠᠨ ᠬᠠᠷᠠᠭᠤᠯᠬᠤ ᠦᠭᠡᠢ ᠪᠠᠶᠢᠬᠤ᠂ ᠪᠦᠷᠰᠡᠶᠢᠯᠭᠡᠬᠦ᠂ dark mode ᠭᠣᠷᠢᠮ ᠢᠶᠠᠷ ᠠᠰᠢᠭᠯᠠᠬᠤ ᠵᠡᠷᠭᠡ ᠲᠣᠬᠢᠷᠠᠭ᠎ᠠ ᠶᠢ ᠥᠪᠡᠷ ᠢᠶᠡᠨ ᠬᠢᠬᠦ
- ᠔ ᠣᠷᠣᠨ ᠲᠠᠢ ᠺᠣᠳ᠋ ᠬᠢᠯ ᠦᠭᠡᠢ ᠬᠤᠷᠤᠭᠤᠨ ᠤ ᠬᠡ ᠪᠣᠯᠤᠨ ᠴᠢᠷᠠᠢ ᠲᠠᠨᠢᠵᠤ ᠨᠡᠪᠲᠡᠷᠡᠬᠦ
- ᠶᠠᠭᠠᠷᠠᠯᠲᠠᠢ ᠲᠤᠰᠠᠯᠠᠮᠵᠢ ᠶᠢᠨ ᠲᠤᠰᠬᠠᠢ ᠳ᠋ᠤᠭᠠᠷ ᠤᠳ ᠤᠷᠤᠭᠤ ᠰᠢᠭᠤᠳ ᠳᠠᠭᠤᠳᠠᠯᠭ᠎ᠠ ᠬᠢᠬᠦ
- ᠲᠤᠬᠠᠢ ᠶᠢᠨ ᠬᠡᠷᠡᠭᠯᠡᠭᠴᠢ ᠶᠢᠨ ᠬᠠᠮᠤᠭ ᠤᠨ ᠶᠡᠬᠡ ᠠᠰᠢᠭᠯᠠᠳᠠᠭ ᠦᠢᠯᠡᠴᠢᠯᠡᠭᠡ ᠶᠢ ᠬᠠᠮᠤᠭ ᠤᠨ ᠣᠶᠢᠷ᠎ᠠ ᠬᠠᠷᠠᠭᠤᠯᠬᠤ ᠪᠤᠶᠤ ᠬᠠᠨᠳᠤᠯᠲᠠ ᠶᠡᠬᠡ ᠲᠡᠢ ᠦᠢᠯᠡᠴᠢᠯᠡᠭᠡ ᠰᠠᠨᠠᠯ ᠪᠣᠯᠭᠠᠬᠤ ᠪᠣᠯᠤᠮᠵᠢ ᠲᠠᠢ ᠪᠣᠯᠤᠭᠰᠠᠨ ᠶᠤᠮ᠃
ᠮᠥᠨ ᠢ ᠮᠣᠩᠭᠣᠯᠢᠶᠠ ᠰᠢᠰᠲ᠋ᠧᠮ ᠸᠸᠪ ᠫᠣᠷᠲᠠᠯ ᠳᠤ ᠪᠠᠨ᠂
- ᠰᠢᠰᠲ᠋ᠧᠮ ᠳᠦ ᠬᠠᠨᠳᠤᠬᠤ ᠳᠤ ᠬᠠᠮᠤᠭ ᠤᠨ ᠲᠦᠷᠦᠭᠦᠨ ᠳᠦ ᠬᠠᠶᠢᠯᠲᠠ ᠶᠢᠨ ᠬᠡᠰᠡᠭ ᠭᠠᠷᠴᠤ ᠢᠷᠡᠬᠦ ᠰᠢᠢᠳᠦᠯ
- ᠬᠢᠨᠠᠬᠤ ᠰᠠᠮᠪᠠᠷ᠎ᠠ ᠠᠴᠠ ᠦᠢᠯᠡᠴᠢᠯᠡᠭᠡᠨ ᠦ ᠬᠦᠰᠡᠯ ᠳᠦ ᠰᠢᠢᠳᠪᠦᠷᠢᠯᠡᠯᠲᠡ ᠶᠢᠨ ᠶᠠᠪᠤᠴᠠ᠂ ᠰᠣᠨᠣᠷᠳᠠᠭᠤᠯᠭᠠ ᠭᠡᠬᠦ ᠮᠡᠲᠦ ᠪᠡᠷ ᠪᠦᠬᠦᠨ ᠢ ᠬᠢᠨᠠᠬᠤ ᠪᠣᠯᠤᠮᠵᠢ
- ᠬᠡᠷᠡᠭᠯᠡᠭᠴᠢ ᠳᠦ ᠣᠶᠢᠷ᠎ᠠ᠂ ᠠᠮᠢᠳᠤ ᠰᠡᠳᠬᠢᠭᠳᠡᠯ ᠲᠥᠷᠦᠭᠦᠯᠬᠦᠶᠢᠴᠡ ᠬᠥᠳᠡᠯᠭᠡᠭᠡᠨ ᠳᠦ ᠠᠨᠢᠮᠡᠶᠢᠰᠢᠨ ᠪᠦᠬᠦᠢ ᠥᠩᠭᠡᠯᠢᠭ ᠰᠢᠢᠳᠦᠯ ᠢ ᠲᠠ ᠪᠦᠬᠦᠨ ᠳᠦ ᠰᠠᠨᠠᠯ ᠪᠣᠯᠭᠠᠵᠤ ᠪᠠᠶᠢᠨ᠎ᠠ᠃
ᠳᠡᠳ᠋ ᠪᠦᠲᠦᠴᠡ ᠶᠢᠨ ᠰᠠᠶᠢᠵᠢᠷᠠᠭᠤᠯᠤᠯᠲᠠ
ᠢ-ᠮᠣᠩᠭᠣᠯᠢᠶᠠ ᠰᠢᠰᠲ᠋ᠧᠮ ᠳᠦ ᠑ ᠰᠠᠷ᠎ᠠ ᠳᠤ ᠳᠤᠮᠳᠠᠴᠢ ᠪᠠᠷ ᠕᠒᠐ ᠰᠠᠶ᠎ᠠ ᠭᠠᠷᠤᠢ ᠬᠠᠨᠳᠤᠯᠲᠠ ᠢᠷᠡᠳᠡᠭ ᠪᠥᠭᠡᠳ ᠮᠣᠩᠭᠣᠯ ᠠᠴᠠ ᠕᠐᠐ᠰᠠᠶ᠎ᠠ᠂ ᠣᠷᠣᠰ ᠠᠴᠠ ᠒.᠑ ᠰᠠᠶ᠎ᠠ᠂ ᠡᠮᠦᠨᠡᠲᠦ ᠰᠣᠯᠣᠩᠭᠣᠰ ᠠᠴᠠ ᠘.᠘ ᠰᠠᠶ᠎ᠠ᠂ ᠠᠮᠧᠷᠢᠺᠠ ᠠᠴᠠ ᠑.᠗ ᠰᠠᠶ᠎ᠠ᠂ ᠰᠢᠩᠭᠠᠫᠦᠷ ᠠᠴᠠ ᠑ ᠰᠠᠶ᠎ᠠ᠂ ᠠᠥ᠋ᠰᠲ᠋ᠷᠠᠯᠢᠶᠠ ᠠᠴᠠ ᠘᠗᠐ ᠮᠢᠩᠭ᠎ᠠ ᠬᠠᠨᠳᠤᠯᠲᠠ ᠲᠤᠰ ᠲᠤᠰ ᠢᠷᠡᠳᠡᠭ᠃
ᠢ-ᠮᠣᠩᠭᠣᠯᠢᠶᠠ ᠫᠯᠠᠲ᠋ᠹᠣᠷᠮ ᠨᠢ ᠬᠡᠷᠡᠭᠯᠡᠭᠴᠢ ᠶᠢᠨ ᠬᠠᠨᠳᠤᠯᠲᠠ᠂ ᠰᠦᠯᠵᠢᠶᠡᠨ ᠦ ᠤᠷᠤᠰᠬᠠᠯ᠂ ᠠᠴᠢᠶᠠᠯᠠᠯ ᠵᠡᠷᠭᠡ ᠪᠡᠨ ᠬᠢᠨᠠᠵᠤ ᠠᠴᠢᠶᠠᠯᠠᠯ ᠶᠡᠬᠡ ᠲᠡᠢ ᠦᠶ᠎ᠡ ᠳᠦ ᠤᠬᠠᠭᠠᠯᠢᠭ ᠢᠶᠠᠷ ᠥᠪᠡᠷ ᠢ ᠪᠡᠨ ᠥᠷᠭᠡᠳᠬᠡᠵᠦ᠂ ᠠᠴᠢᠶᠠᠯᠠᠯ ᠪᠠᠭᠤᠷᠠᠭᠰᠠᠨ ᠦᠶ᠎ᠡ ᠳᠦ ᠪᠤᠴᠠᠵᠤ ᠪᠠᠭᠠᠰᠭᠠᠬᠤ ᠴᠢᠳᠠᠪᠤᠷᠢ ᠲᠠᠢ ᠬᠢᠮᠡᠯ ᠣᠶᠤᠨ ᠤᠬᠠᠭᠠᠨ ᠳᠡᠭᠡᠷ᠎ᠡ ᠰᠠᠭᠤᠷᠢᠯᠠᠭᠰᠠᠨ ᠹᠦᠨᠺᠼ ᠪᠦᠬᠦᠢ ᠳ᠋ᠢᠨᠠᠮᠢᠺ ᠰᠢᠢᠳᠦᠯ ᠨᠡᠪᠲᠡᠷᠡᠭᠦᠯᠦᠭᠰᠡᠨ᠃ ᠢᠩᠭᠢᠭᠰᠡᠨ ᠢᠶᠡᠷ ᠫᠯᠠᠲ᠋ᠹᠣᠷᠮ ᠦᠷ᠎ᠡ ᠠᠰᠢᠭ ᠲᠠᠢ ᠪᠠᠷ ᠠᠵᠢᠯᠯᠠᠵᠤ᠂ ᠣᠯᠠᠨ ᠲᠥᠷᠥᠯ ᠦᠨ ᠬᠡᠮᠨᠡᠯ ᠳᠦ ᠬᠢᠬᠦ ᠡᠴᠡ ᠭᠠᠳᠠᠨ᠎ᠠ ᠢᠯᠡᠭᠦᠦ ᠬᠤᠷᠳᠤ ᠲᠠᠢ᠂ ᠭᠠᠴᠠᠬᠤ ᠦᠭᠡᠢ ᠪᠡᠷ ᠨᠢᠭᠡ ᠭᠱᠠᠨ ᠳᠤ ᠒ ᠰᠠᠶ᠎ᠠ ᠬᠡᠷᠡᠭᠯᠡᠭᠴᠢ ᠶᠢᠨ ᠠᠴᠢᠶᠠᠯᠠᠯ ᠢ ᠵᠡᠷᠭᠡ ᠳᠠᠭᠠᠳᠠᠭ ᠪᠣᠯᠵᠤ ᠪᠠᠶᠢᠨ᠎ᠠ᠃ ᠡᠭᠦᠨ ᠡᠴᠡ ᠡᠭᠦᠳᠦᠨ ᠢ ᠮᠣᠩᠭᠣᠯᠢᠶᠠ ᠫᠯᠠᠲ᠋ᠹᠣᠷᠮᠠ ᠲᠠᠢ ᠬᠠᠮᠲᠤᠷᠠᠨ ᠠᠵᠢᠯᠯᠠᠭᠴᠢ ᠲᠥᠷᠥ ᠶᠢᠨ ᠪᠤᠰᠤᠳ ᠣᠯᠠᠨ ᠪᠠᠶᠢᠭᠤᠯᠤᠯᠭ᠎ᠠ ᠨᠤᠭᠤᠳ ᠥᠪᠡᠷᠰᠡᠳ ᠦᠨ ᠦᠢᠯᠡᠴᠢᠯᠡᠭᠡᠨ ᠦ ᠰᠢᠰᠲ᠋ᠧᠮ ᠦᠨ ᠠᠶᠤᠯ ᠦᠭᠡᠢ ᠪᠠᠶᠢᠳᠠᠯ᠂ ᠠᠴᠢᠶᠠᠯᠠᠯ ᠳᠠᠭᠠᠬᠤ ᠴᠢᠳᠠᠪᠤᠷᠢ ᠪᠠᠨ ᠰᠠᠶᠢᠵᠢᠷᠠᠭᠤᠯᠬᠤ ᠳᠤ ᠠᠩᠬᠠᠷᠬᠤ ᠵᠠᠶᠢᠯᠠᠰᠢ ᠦᠭᠡᠢ ᠱᠠᠭᠠᠷᠳᠠᠯᠭ᠎ᠠ ᠲᠠᠢ ᠪᠣᠯᠵᠤ ᠪᠠᠶᠢᠨ᠎ᠠ᠃
ᠬᠦᠷᠲᠡᠭᠡᠮᠵᠢᠲᠡᠢ ᠪᠠᠶᠢᠳᠠᠯ
᠒᠐᠒᠒ ᠣᠨ ᠤ ᠪᠠᠶᠢᠳᠠᠯ ᠢᠶᠠᠷ ᠮᠣᠩᠭᠣᠯ ᠤᠯᠤᠰ ᠲᠤ ᠬᠥᠭᠵᠢᠯ ᠦᠨ ᠪᠡᠷᠬᠡᠰᠢᠶᠡᠯ ᠲᠡᠢ ᠑᠑᠕᠂᠑᠑᠕ ᠢᠷᠭᠡᠨ ᠪᠠᠶᠢᠭ᠎ᠠ ᠶᠢᠨ ᠑᠑.᠒% ᠪᠤᠶᠤ ᠑᠒᠂᠘᠙᠒ ᠨᠢ ᠬᠠᠷᠠᠭᠠᠨ ᠤ ᠪᠡᠷᠬᠡᠰᠢᠶᠡᠯ ᠲᠡᠢ ᠢᠷᠭᠡᠳ ᠪᠠᠶᠢᠨ᠎ᠠ᠃ ᠡᠳᠡᠭᠡᠷ ᠢᠷᠭᠡᠳ ᠳᠡᠯᠭᠡᠴᠡ ᠤᠩᠰᠢᠬᠤ ᠫᠷᠣᠭᠷᠠᠮ ᠤᠨ ᠲᠤᠰᠠᠯᠠᠮᠵᠢ ᠲᠠᠢ ᠪᠠᠷ ᠪᠤᠰᠤᠳ ᠲᠥᠷᠥᠯ ᠦᠨ ᠸᠸᠪ ᠰᠠᠶᠢᠲ᠂ ᠭᠠᠷ ᠤᠲᠠᠰᠤ᠂ ᠮᠡᠳᠡᠭᠡᠯᠡᠯ ᠦᠨ ᠲᠧᠭᠨᠣᠯᠣᠭᠢ ᠶᠢ ᠠᠰᠢᠭᠯᠠᠳᠠᠭ᠃ ᠳᠡᠯᠭᠡᠴᠡ ᠤᠩᠰᠢᠭᠴᠢ ᠫᠷᠣᠭᠷᠠᠮ ᠤᠳ ᠲᠣᠳᠣᠷᠬᠠᠢ ᠰᠲ᠋ᠠᠨ᠋ᠳᠠᠷᠲ ᠤᠨ ᠳᠠᠭᠠᠭᠠᠤ ᠬᠥᠭᠵᠢᠭᠦᠯᠦᠭᠰᠡᠨ ᠰᠢᠰᠲ᠋ᠧᠮ ᠦᠳ ᠦᠨ ᠦᠢᠯᠡᠳᠦᠯ ᠢ ᠳᠡᠮᠵᠢᠵᠦ ᠠᠵᠢᠯᠯᠠᠳᠠᠭ. ᠢ ᠮᠣᠩᠭᠣᠯᠢᠶᠠ ᠓.᠐ ᠰᠢᠨᠡᠴᠢᠯᠡᠯ ᠢᠶᠡᠷ ᠢᠶᠡᠨ ᠣᠯᠠᠨ ᠤᠯᠤᠰ ᠤᠨ WCAG ᠰᠲ᠋ᠠᠨ᠋ᠳᠠᠷᠲ ᠤᠨ ᠳᠠᠭᠠᠭᠠᠤ ᠬᠥᠭᠵᠢᠭᠦᠯᠦᠯᠲᠡ ᠬᠢᠭᠰᠡᠨ ᠢᠶᠡᠷ ᠳᠤᠷ᠎ᠠ ᠶᠢᠨ ᠳᠡᠯᠭᠡᠴᠡ ᠤᠩᠰᠢᠭᠴᠢ ᠫᠷᠣᠭᠷᠠᠮᠮ ᠠᠰᠢᠭᠯᠠᠨ ᠢ-ᠮᠣᠩᠭᠣᠯᠢᠶᠠ ᠰᠢᠰᠲ᠋ᠧᠮ ᠢ ᠰᠠᠭᠠᠳ ᠦᠭᠡᠢ ᠠᠰᠢᠭᠯᠠᠬᠤ ᠪᠣᠯᠤᠮᠵᠢ ᠲᠠᠢ ᠪᠣᠯᠤᠯ᠎ᠠ᠃
ᠮᠥᠨ ᠰᠤᠯᠠ ᠬᠠᠷᠠᠭ᠎ᠠ ᠲᠠᠢ ᠬᠦᠮᠦᠰ ᠲᠦ ᠵᠣᠷᠢᠭᠤᠯᠤᠭᠰᠠᠨ ᠳᠡᠯᠭᠡᠴᠡ ᠶᠢᠨ ᠲᠣᠬᠢᠷᠠᠭ᠎ᠠ ᠶᠢ ᠰᠢᠨ᠎ᠡ ᠪᠡᠷ ᠬᠢᠭᠰᠡᠨ᠃ ᠡᠭᠦᠨ ᠦ ᠦᠷ᠎ᠡ ᠳ᠋ᠦᠩ ᠳᠦ ᠥᠩᠭᠡᠨ ᠦ ᠺᠣᠨ᠋ᠲ᠋ᠷᠠᠰ ᠲᠤ ᠥᠭᠡᠷᠡᠴᠢᠯᠡᠬᠦ᠂ ᠰᠥᠨᠢ ᠶᠢᠨ ᠭᠣᠷᠢᠮ ᠳᠤ ᠰᠢᠯᠵᠢᠬᠦ᠂ ᠦᠰᠦᠭ ᠦᠨ ᠹᠣᠨ᠋ᠲ ᠥᠭᠡᠷᠡᠴᠢᠯᠡᠬᠦ᠂ ᠬᠡᠮᠵᠢᠶ᠎ᠡ ᠶᠢ ᠶᠡᠬᠡᠰᠭᠡᠵᠦ ᠪᠠᠭᠠᠰᠭᠠᠬᠤ ᠭᠡᠬᠦ ᠮᠡᠲᠦ ᠲᠣᠬᠢᠷᠠᠭ᠎ᠠ ᠨᠤᠭᠤᠳ ᠢ ᠢᠷᠭᠡᠨ ᠥᠪᠡᠷ ᠦᠨ ᠨᠥᠬᠥᠴᠡᠯ ᠪᠠᠶᠢᠳᠠᠯ ᠳᠤ ᠲᠣᠬᠢᠷᠠᠭᠤᠯᠤᠨ ᠬᠢᠵᠦ ᠪᠣᠯᠳᠠᠭ ᠢᠶᠠᠷ ᠢᠶᠠᠨ ᠳᠠᠪᠠᠭᠤ ᠲᠠᠯ᠎ᠠ ᠲᠠᠢ ᠶᠤᠮ. 《ᠢ-ᠮᠣᠩᠭᠣᠯ ᠠᠺᠠᠳᠧᠮᠢ》 ᠤᠯᠤᠰ ᠤᠨ ᠲᠥᠰᠥᠪᠲᠦ ᠦᠢᠯᠡᠳᠪᠦᠷᠢ ᠶᠢᠨ ᠭᠠᠵᠠᠷ ᠤᠨ ᠵᠠᠯᠠᠭᠤᠰ ᠡᠨᠡᠬᠦ ᠰᠲ᠋ᠠᠨ᠋ᠳᠠᠷᠲ ᠢ ᠪᠤᠰᠤᠳ ᠴᠠᠬᠢᠮ ᠦᠢᠯᠡᠴᠢᠯᠡᠭᠡ ᠦᠵᠡᠭᠦᠯᠦᠭᠴᠢ ᠪᠠᠶᠢᠭᠤᠯᠤᠯᠭ᠎ᠠ ᠨᠤᠭᠤᠳ ᠬᠠᠩᠭᠠᠬᠤ ᠳᠤ ᠠᠩᠬᠠᠷᠴᠤ ᠲᠡᠭᠰᠢ ᠬᠦᠷᠲᠡᠭᠡᠮᠵᠢ ᠶᠢ ᠪᠤᠢ ᠪᠣᠯᠭᠠᠬᠤ ᠳᠤ ᠮᠠᠩᠯᠠᠶᠢᠯᠠᠨ ᠠᠵᠢᠯᠯᠠᠬᠤ ᠶᠢ ᠤᠷᠢᠶᠠᠯᠠᠵᠤ ᠪᠠᠶᠢᠭ᠎ᠠ ᠶᠤᠮ. ᠦᠨ᠎ᠡ ᠡᠴᠡ ᠭᠠᠳᠠᠨ᠎ᠠ ᠨᠢᠭᠡᠨ ᠴᠢᠬᠤᠯᠠ ᠪᠢᠴᠢᠭ ᠪᠠᠷᠢᠮᠲᠠ ᠪᠣᠯᠬᠤ ᠬᠥᠭᠵᠢᠯ ᠦᠨ ᠪᠡᠷᠬᠡᠰᠢᠶᠡᠯ ᠲᠡᠢ ᠢᠷᠭᠡᠳ ᠦᠨ ᠴᠠᠬᠢᠮ ᠦᠨᠡᠮᠯᠡᠬᠦ ᠶᠢ ᠴᠠᠬᠢᠮᠵᠢᠭᠤᠯᠤᠨ ᠢ-ᠮᠣᠩᠭᠣᠯᠢᠶᠠ ᠰᠢᠰᠲ᠋ᠧᠮ ᠳᠦ ᠨᠡᠪᠲᠡᠷᠡᠭᠦᠯᠦᠯ᠎ᠡ᠃
ᠰᠣᠨᠣᠷᠳᠠᠭᠤᠯᠭᠠ
ᠮᠡᠳᠡᠭᠳᠡᠯ ᠬᠦᠷᠭᠡᠬᠦ ᠰᠢᠰᠲ᠋ᠧᠮ ᠢ ᠥᠩᠭᠡᠷᠡᠭᠰᠡᠨ ᠣᠨ ᠤ ᠐᠕ ᠳ᠋ᠤᠭᠠᠷ ᠰᠠᠷ᠎ᠠ ᠶᠢᠨ ᠐᠑ ᠍ ᠦ ᠡᠳᠦᠷ ᠨᠡᠪᠲᠡᠷᠡᠭᠦᠯᠵᠦ ᠣᠳᠣ ᠶᠢᠨ ᠪᠠᠶᠢᠳᠠᠯ ᠢᠶᠠᠷ ᠒᠐᠂᠗ ᠰᠠᠶ᠎ᠠ ᠤᠳᠠᠭ᠎ᠠ ᠶᠢᠨ ᠮᠡᠳᠡᠭᠳᠡᠯ ᠢ ᠢ ᠮᠣᠩᠭᠣᠯᠢᠶᠠ ᠠᠫᠫᠯᠢᠺᠸᠢᠢᠱᠢᠨ᠂ ᠦᠨᠳᠦᠰᠦᠨ ᠦ ᠪᠣᠯᠤᠨ ᠴᠠᠬᠢᠮ ᠰᠢᠤᠳᠠᠨ ᠢᠶᠠᠷ ᠳᠠᠮᠵᠢᠭᠤᠯᠤᠨ ᠬᠦᠷᠭᠡᠭᠡᠳ ᠪᠠᠶᠢᠨ᠎ᠠ᠃
ᠲᠡᠭᠡᠪᠡᠯ ᠓.᠐ ᠬᠤᠪᠢᠯᠪᠤᠷᠢ ᠶᠢᠨ ᠰᠢᠨᠡᠴᠢᠯᠡᠯ ᠬᠢᠭᠳᠡᠰᠦᠨ ᠢᠶᠡᠷ ᠢᠷᠭᠡᠳ ᠥᠪᠡᠷ ᠦᠨ ᠹᠸᠢᠢᠰᠪᠥ᠋ᠺ ᠬᠠᠶ᠋ᠢᠭ ᠢᠶᠠᠨ ᠢ ᠮᠣᠩᠭᠣᠯᠢᠶᠠ ᠰᠢᠰᠲ᠋ᠧᠮ ᠲᠡᠢ ᠬᠣᠯᠪᠣᠨ ᠲᠥᠷᠥ ᠶᠢᠨ ᠦᠢᠯᠡᠴᠢᠯᠡᠭᠡᠨ ᠦ ᠮᠡᠳᠡᠭᠡᠯᠡᠯ ᠢᠶᠠᠨ ᠮᠧᠰᠰᠧᠨ᠋ᠵᠧᠷ ᠢᠶᠡᠷ ᠠᠪᠴᠤ ᠪᠣᠯᠳᠠᠭ ᠪᠣᠯᠤᠯ᠎ᠠ᠃ ᠢᠩᠭᠢᠭᠰᠡᠨ ᠢᠶᠡᠷ ᠢᠷᠭᠡᠨ ᠥᠪᠡᠷ ᠦᠨ ᠹᠸᠢᠢᠰᠪᠥ᠋ᠺ ᠬᠠᠶ᠋᠋ᠢᠭ᠂ ᠦᠨᠳᠦᠰᠦᠨ ᠦ ᠢᠮᠡᠶᠢᠯ᠂ ᠢ ᠮᠣᠩᠭᠣᠯᠢᠶᠠ ᠠᠫᠫᠯᠢᠺᠸᠢᠢᠱᠢᠨ ᠤ 《push notification》᠂ ᠬᠤᠪᠢ ᠢᠢᠨ ᠢ-ᠮᠡᠶᠢᠯ ᠬᠠᠶ᠋ᠢᠭ ᠤᠳ ᠠᠴᠠ ᠰᠣᠩᠭᠣᠨ ᠪᠠᠷᠢᠮᠲᠠ ᠪᠢᠴᠢᠭ ᠦᠨ ᠬᠤᠭᠤᠴᠠᠭ᠎ᠠ ᠳᠠᠭᠤᠰᠤᠭᠰᠠᠨ ᠰᠣᠨᠣᠷᠳᠠᠭᠤᠯᠭᠠ᠂ ᠲᠥᠯᠥᠪᠦᠷᠢ ᠶᠢᠨ ᠨᠡᠬᠡᠮᠵᠢᠯᠡᠬᠦ ᠪᠣᠯᠤᠨ ᠲᠥᠷᠥ ᠶᠢᠨ ᠦᠢᠯᠡᠴᠢᠯᠡᠭᠡᠨ ᠦ ᠮᠡᠳᠡᠭᠳᠡᠯ ᠢ ᠰᠢᠭᠤᠳ ᠬᠦᠯᠢᠶᠡᠨ ᠠᠪᠬᠤ ᠶᠤᠮ᠃ ᠲᠤᠬᠠᠶᠢᠯᠠᠪᠠᠯ᠂ ᠢᠷᠭᠡᠨ ᠦ ᠦᠨᠡᠮᠯᠡᠬᠦ᠂ ᠵᠢᠯᠤᠭᠤᠨ ᠤ ᠦᠨᠡᠮᠯᠡᠬᠦ ᠶᠢᠨ ᠬᠤᠭᠤᠴᠠᠭ᠎ᠠ ᠳᠠᠭᠤᠰᠬᠤ ᠠᠴᠠ ᠓᠐᠂ ᠭᠠᠳᠠᠭᠠᠳᠤ ᠫᠠᠰᠫᠣᠷᠲ ᠤᠨ ᠬᠤᠭᠤᠴᠠᠭ᠎ᠠ ᠳᠠᠭᠤᠰᠬᠤ ᠠᠴᠠ ᠑᠘᠐ ᠬᠣᠨᠣᠭ ᠤᠨ ᠡᠮᠦᠨ᠎ᠡ ᠢᠷᠭᠡᠨ ᠳᠦ ᠰᠣᠨᠣᠷᠳᠠᠭᠤᠯᠭᠠ ᠣᠴᠢᠳᠠᠭ ᠪᠣᠯᠵᠤ ᠪᠠᠶᠢᠨ᠎ᠠ᠃
ᠮᠥᠨ ᠰᠣᠨᠣᠷᠳᠠᠭᠤᠯᠭᠠ ᠬᠡᠰᠡᠭ ᠲᠦ ᠢᠷᠡᠭᠰᠡᠨ ᠲᠥᠯᠥᠪᠦᠷᠢ ᠶᠢᠨ ᠨᠡᠬᠡᠮᠵᠢᠯᠡᠬᠦ ᠪᠡᠷ ᠳᠠᠮᠵᠢᠨ ᠢ ᠮᠣᠩᠭᠣᠯᠢᠶᠠ ᠭᠠᠷ ᠤᠲᠠᠰᠤᠨ ᠤ ᠠᠫᠫᠯᠢᠺᠸᠢᠢᠱᠢᠨ ᠠᠴᠠ ᠪᠤᠰᠤᠳ ᠪᠠᠩᠺᠢᠨ ᠤ ᠠᠫᠫᠯᠢᠺᠸᠢᠢᠱᠢᠨ ᠤᠷᠤᠭᠤ ᠬᠠᠨᠳᠤᠨ ᠦᠢᠯᠡᠴᠢᠯᠡᠭᠡᠨ ᠦ ᠲᠥᠯᠥᠪᠦᠷᠢ ᠪᠡᠨ ᠲᠥᠯᠦᠳᠡᠭ ᠪᠣᠯᠤᠭᠰᠠᠨ ᠢᠶᠠᠷ ᠢᠶᠠᠨ ᠣᠨᠴᠠᠯᠢᠭ ᠲᠠᠢ ᠶᠤᠮ᠃
ᠲᠥᠷᠥ ᠳᠦ ᠪᠠᠶᠢᠭ᠎ᠠ ᠮᠡᠳᠡᠭᠡᠯᠡᠯ ᠢᠶᠡᠨ ᠬᠢᠨᠠᠬᠤ ᠪᠣᠯᠤᠮᠵᠢ
ᠢ-ᠮᠣᠩᠭᠣᠯᠢᠶᠠ ᠰᠢᠰᠲ᠋ᠧᠮ ᠦᠨ ᠬᠡᠷᠡᠭᠯᠡᠭᠴᠢᠳ ᠲᠥᠷᠥ ᠶᠢᠨ ᠑᠑ ᠪᠠᠶᠢᠭᠤᠯᠤᠯᠭ᠎ᠠ ᠳ᠋ᠠᠬᠢ ᠢᠷᠭᠡᠨ ᠦ ᠪᠦᠷᠢᠳᠬᠡᠯ᠂ ᠬᠠᠶ᠋ᠢᠭ ᠤᠨ ᠥᠭᠡᠷᠡᠴᠢᠯᠡᠯᠲᠡ᠂ ᠡᠷᠦᠬᠡ ᠶᠢᠨ ᠭᠡᠰᠢᠭᠦᠳ᠂ ᠭᠡᠷᠯᠡᠯᠲᠡ᠂ ᠭᠠᠳᠠᠭᠠᠳᠤ ᠫᠠᠰᠰᠫᠣᠷᠲ᠂ ᠪᠣᠯᠪᠠᠰᠤᠷᠠᠯ᠂ ᠲᠡᠭᠡᠭᠡᠪᠦᠷᠢ ᠶᠢᠨ ᠬᠡᠷᠡᠭᠰᠡᠯ᠂ ᠦᠯᠦ ᠬᠥᠳᠡᠯᠬᠦ᠂ ᠭᠠᠵᠠᠷ ᠡᠵᠡᠮᠰᠢᠬᠦ᠂ ᠠᠰᠢᠭᠯᠠᠬᠤ ᠡᠷᠬᠡ ᠪᠣᠯᠤᠨ ᠡᠷᠡᠭᠦᠯ ᠮᠡᠨᠳᠦ ᠶᠢᠨ ᠳᠠᠭᠠᠳᠬᠠᠯ ᠲᠥᠯᠦᠯᠲᠡ ᠵᠡᠷᠭᠡ ᠑᠔ ᠲᠥᠷᠥᠯ ᠦᠨ ᠮᠡᠳᠡᠭᠡᠯᠡᠯ ᠢᠶᠡᠨ ᠰᠢᠯᠭᠠᠵᠤ᠂ ᠬᠢᠨᠠᠯᠲᠠ ᠲᠠᠯᠪᠢᠬᠤ ᠪᠣᠯᠤᠮᠵᠢ ᠪᠦᠷᠢᠳᠦᠯ᠎ᠡ᠃ ᠮᠡᠳᠡᠭᠡᠯᠡᠯ ᠵᠥᠷᠢᠭᠦᠦ ᠲᠡᠢ ᠲᠣᠬᠢᠶᠠᠯᠳᠤᠯ ᠳᠤ ᠲᠤᠬᠠᠢ ᠶᠢᠨ ᠮᠡᠳᠡᠭᠡᠯᠡᠯ ᠢ ᠬᠠᠷᠢᠭᠤᠴᠠᠭᠴᠢ ᠪᠠᠶᠢᠭᠤᠯᠤᠯᠭ᠎ᠠ ᠲᠠᠢ ᠬᠣᠯᠪᠣᠭ᠎ᠠ ᠪᠠᠷᠢᠬᠤ ᠪᠣᠯᠤᠨ ᠬᠠᠶ᠋ᠢᠭ ᠪᠠᠶᠢᠷᠢᠰᠢᠯ ᠢ ᠪᠠᠭᠲᠠᠭᠠᠭᠰᠠᠨ ᠪᠠᠶᠢᠨ᠎ᠠ᠃
ᠮᠥᠨ ᠬᠥᠭᠵᠢᠯ ᠦᠨ ᠪᠡᠷᠬᠡᠰᠢᠶᠡᠯ ᠲᠡᠢ ᠢᠷᠭᠡᠨ ᠦ ᠦᠨᠡᠮᠯᠡᠬᠦ᠂ ᠮᠡᠷᠭᠡᠰᠢᠭᠰᠡᠨ ᠵᠢᠯᠣᠭᠣᠴᠢ ᠶᠢᠨ ᠦᠨᠡᠮᠯᠡᠬᠦ᠂ ᠭᠠᠳᠠᠭᠠᠳᠤ ᠫᠠᠰᠫᠣᠷᠲ᠂ ᠣᠶᠤᠲᠠᠨ ᠤ ᠦᠨᠡᠮᠯᠡᠬᠦ᠂ ᠪᠠᠭᠰᠢ ᠶᠢᠨ ᠦᠨᠡᠮᠯᠡᠬᠦ᠂ ᠮᠡᠷᠭᠡᠰᠢᠭᠰᠡᠨ ᠵᠢᠯᠤᠭᠤᠨ ᠤ ᠦᠨᠡᠮᠯᠡᠬᠦ ᠫᠷᠣᠹᠠᠶᠢᠯ ᠬᠡᠰᠡᠭ ᠲᠦ ᠬᠠᠷᠠᠭᠳᠠᠬᠤ ᠪᠠ ᠡᠷᠬᠡ ᠶᠢᠨ ᠵᠥᠷᠢᠴᠡᠯ ᠲᠡᠢ ᠵᠢᠯᠤᠭᠤᠨ ᠤ ᠦᠨᠡᠮᠯᠡᠬᠦ ᠪᠣᠯᠤᠨ ᠬᠤᠭᠤᠴᠠᠭ᠎ᠠ ᠳᠠᠭᠤᠰᠤᠭᠰᠠᠨ ᠪᠢᠴᠢᠭ ᠪᠠᠷᠢᠮᠲᠠ ᠨᠤᠭᠤᠳ ᠠᠩᠬᠠᠷᠤᠭᠤᠯᠬᠤ ᠲᠡᠮᠳᠡᠭ ᠲᠡᠢ ᠭᠠᠷᠴᠤ ᠢᠷᠡᠨ᠎ᠡ᠃
ᠲᠥᠷᠥ ᠬᠤᠪᠢ ᠶᠢᠨ ᠬᠡᠪᠰᠢᠯ ᠦᠨ ᠬᠠᠮᠲᠤ ᠶᠢᠨ ᠠᠵᠢᠯᠯᠠᠭ᠎ᠠ
᠑᠂ ᠨᠣᠲ᠋ᠠᠷᠢᠶᠠᠲ ᠤᠨ ᠦᠢᠯᠡᠴᠢᠯᠡᠭᠡ
ᠥᠩᠭᠡᠷᠡᠭᠰᠡᠨ ᠣᠨ ᠤ ᠙ ᠳ᠋ᠤᠭᠡᠷ ᠰᠠᠷ᠎ᠠ ᠳᠤ ᠢ ᠮᠣᠩᠭᠣᠯᠢᠶᠠ ᠠᠴᠠ ᠠᠪᠤᠭᠰᠠᠨ ᠗᠔ ᠲᠥᠷᠥᠯ ᠦᠨ ᠯᠠᠪᠯᠠᠭ᠎ᠠ ᠲᠣᠳᠣᠷᠬᠠᠶᠢᠯᠠᠯᠲᠠ ᠶᠢ ᠵᠠᠪᠠᠯ ᠨᠣᠲ᠋ᠠᠷᠢᠶᠠᠲ ᠢᠶᠠᠷ ᠪᠠᠲᠤᠯᠠᠭᠠᠵᠢᠭᠤᠯᠬᠤ ᠱᠠᠭᠠᠷᠳᠠᠯᠭ᠎ᠠ ᠦᠭᠡᠢ ᠪᠣᠯᠤᠭᠰᠠᠨ᠃ ᠲᠡᠭᠡᠪᠡᠯ ᠥᠨᠥᠳᠥᠷ 《ᠮᠣᠩᠭᠣᠯ ᠤᠨ ᠨᠣᠲ᠋ᠠᠷᠢᠶᠠᠲ᠋ᠴᠢᠳ ᠤᠨ ᠲᠠᠩᠬᠢᠮ》 ᠍ ᠲᠠᠢ ᠬᠠᠮᠲᠤᠷᠠᠨ ᠔ ᠲᠥᠷᠥᠯ ᠦᠨ ᠯᠠᠪᠯᠠᠭ᠎ᠠ᠂ ᠕ ᠲᠥᠷᠥᠯ ᠦᠨ ᠨᠣᠲ᠋ᠠᠷᠢᠶᠠᠲ ᠢᠶᠠᠷ ᠭᠡᠷᠡᠴᠢᠯᠡᠭᠦᠯᠦᠭᠰᠡᠨ ᠦᠢᠯᠡᠳᠦᠯ ᠦᠨ ᠬᠠᠭᠤᠯᠪᠤᠷᠢ ᠶᠢ ᠴᠠᠬᠢᠮᠵᠢᠭᠤᠯᠤᠯᠠ᠃
ᠯᠠᠪᠯᠠᠭ᠎ᠠ᠄
- ᠨᠣᠲ᠋ᠠᠷᠢᠶᠠᠲ ᠤᠨ ᠦᠢᠯᠡᠳᠦᠯ ᠭᠡᠷᠡᠴᠢᠯᠡᠭᠦᠯᠦᠭᠰᠡᠨ ᠡᠰᠡᠬᠦ ᠯᠠᠪᠯᠠᠭ᠎ᠠ᠂
- ᠨᠣᠲ᠋ᠠᠷᠢᠶᠠᠲ ᠢᠶᠠᠷ ᠭᠡᠷᠡᠴᠢᠯᠡᠭᠦᠯᠦᠭᠰᠡᠨ ᠢᠲᠡᠭᠡᠮᠵᠢᠯᠡᠯ ᠦᠨ ᠯᠠᠪᠯᠠᠭ᠎ᠠ᠂
- ᠬᠢᠯᠢ ᠶᠢᠨ ᠴᠢᠨᠠᠳᠤ ᠳᠤ ᠰᠠᠭᠤᠭ᠎ᠠ ᠨᠣᠲ᠋ᠠᠷᠢᠶᠠᠲ ᠤᠨ ᠡᠭᠦᠷᠭᠡ ᠭᠦᠢᠴᠡᠳᠬᠡᠭᠴᠢ ᠪᠡᠷ ᠭᠡᠷᠡᠴᠢᠯᠡᠭᠦᠯᠦᠭᠰᠡᠨ ᠢᠲᠡᠭᠡᠮᠵᠢᠯᠡᠯ ᠦᠨ ᠯᠠᠪᠯᠠᠭ᠎ᠠ᠂
- ᠨᠣᠲ᠋ᠠᠷᠢᠶᠠᠲ ᠢᠶᠠᠷ ᠭᠡᠷᠡᠴᠢᠯᠡᠭᠦᠯᠦᠭᠰᠡᠨ ᠲᠡᠭᠡᠭᠡᠪᠦᠷᠢ ᠶᠢᠨ ᠬᠡᠷᠡᠭᠰᠡᠯ ᠦᠨ ᠭᠡᠷ᠎ᠡ ᠶᠢᠨ ᠯᠠᠪᠯᠠᠭ᠎ᠠ᠂
ᠨᠣᠲ᠋ᠠᠷᠢᠶᠠᠲ ᠢᠶᠠᠷ ᠭᠡᠷᠡᠴᠢᠯᠡᠭᠦᠯᠦᠭᠰᠡᠨ᠂
- ᠭᠡᠷ ᠢᠶᠡᠨ
- ᠢᠲᠡᠭᠡᠮᠵᠢᠯᠡᠯ
- ᠭᠠᠷ ᠤᠨ ᠦᠰᠦᠭ ᠦᠨ ᠪᠠᠲᠤᠯᠠᠭ᠎ᠠ
- ᠥᠪᠯᠡᠬᠦ ᠡᠷᠬᠡ ᠶᠢᠨ ᠭᠡᠷᠡᠴᠢᠯᠡᠭᠡ
- ᠮᠡᠳᠡᠭᠳᠡᠬᠦ ᠬᠠᠭᠤᠳᠠᠰᠤ ᠵᠡᠷᠭᠡ ᠦᠢᠯᠡᠳᠦᠯ ᠦᠳ ᠦᠨ ᠠᠷᠬᠢᠸ ᠤᠨ ᠬᠠᠭᠤᠯᠪᠤᠷᠢ ᠶᠢ ᠠᠪᠬᠤ ᠪᠣᠯᠤᠮᠵᠢ ᠲᠠᠢ ᠶᠤᠮ᠃
ᠡᠳᠡᠭᠡᠷ ᠯᠠᠪᠯᠠᠭ᠎ᠠ ᠦᠢᠯᠡᠴᠢᠯᠡᠭᠡ ᠵᠥᠪᠬᠡᠨ ᠒᠐᠒᠒ ᠣᠨ ᠤ ᠐᠑ ᠰᠠᠷ᠎ᠠ ᠶᠢᠨ ᠐᠑ ᠍ ᠡᠴᠡ ᠬᠣᠶᠢᠰᠢ ᠮᠣᠩᠭᠣᠯ ᠤᠨ ᠨᠣᠲ᠋ᠠᠷᠢᠶᠠᠲ᠋ᠴᠢᠳ ᠤᠨ ᠲᠠᠩᠬᠢᠮ ᠤᠨ ᠭᠡᠰᠢᠭᠦᠨ ᠨᠣᠲ᠋ᠠᠷᠢᠶᠠᠲ᠋ᠴᠢ ᠪᠠᠷ ᠦᠢᠯᠡᠴᠢᠯᠡᠭᠦᠯᠦᠭᠰᠡᠨ ᠲᠣᠬᠢᠶᠠᠯᠳᠤᠯ ᠳᠤ ᠭᠠᠷᠬᠤ ᠪᠣᠯᠤᠨ᠎ᠠ᠃
᠒᠂ ᠨᠡᠶᠢᠲᠡ ᠶᠢᠨ ᠲᠡᠭᠡᠭᠡᠪᠦᠷᠢ ᠶᠢᠨ ᠲᠠᠰᠤᠯᠪᠤᠷᠢ ᠵᠠᠬᠢᠶᠠᠯᠠᠬᠤ
ᠢᠷᠭᠡᠳ ᠦᠨ ᠡᠳᠦᠷ ᠲᠤᠲᠤᠮ ᠤᠨ ᠬᠡᠷᠡᠭᠯᠡᠭᠡ ᠪᠣᠯᠤᠭᠰᠠᠨ ᠡᠷᠢᠯᠲᠡ ᠲᠡᠢ ᠦᠢᠯᠡᠴᠢᠯᠡᠭᠡ ᠶᠢ ᠢ ᠮᠣᠩᠭᠣᠯᠢᠶᠠ ᠫᠯᠠᠲ᠋ᠹᠣᠷᠮ ᠢᠶᠠᠷ ᠦᠵᠡᠭᠦᠯᠬᠦ ᠶᠢ ᠵᠣᠷᠢᠵᠤ ᠪᠠᠶᠢᠨ᠎ᠠ᠃ ᠬᠣᠲᠠ ᠬᠣᠭᠣᠷᠣᠨᠳᠣ ᠶᠢᠨ ᠠᠦ᠋ᠲ᠋ᠣᠪᠦ᠋ᠰ᠂ ᠭᠠᠯᠲᠤ ᠲᠡᠷᠭᠡ᠂ ᠨᠢᠰᠦᠯᠭᠡ ᠶᠢᠨ ᠲᠢᠽᠢ ᠶᠢ ᠨᠡᠮᠡᠭᠳᠡᠯ ᠦᠭᠡᠢ ᠪᠡᠷ ᠢ ᠮᠣᠩᠭᠣᠯᠢᠶᠠ ᠰᠢᠰᠲ᠋ᠧᠮ ᠢᠶᠡᠷ ᠳᠠᠮᠵᠢᠭᠤᠯᠤᠨ ᠵᠠᠬᠢᠶᠠᠯᠠᠬᠤ ᠪᠣᠯᠤᠮᠵᠢ ᠶᠢ 《ᠲᠠᠫᠠᠲᠷᠢᠫ ᠡᠵᠢᠨᠰᠢ》 ᠬᠢᠵᠠᠭᠠᠷᠯᠠᠭᠳᠠᠮᠠᠯ ᠬᠤᠪᠢᠴᠠᠭᠠᠲᠤ ᠺᠣᠮᠫᠠᠨᠢ ᠲᠠᠢ ᠬᠠᠮᠲᠤᠷᠠᠨ ᠪᠤᠢ ᠪᠣᠯᠭᠠᠯ᠎ᠠ᠃ ᠲᠤᠰ ᠦᠢᠯᠡᠴᠢᠯᠡᠭᠡ ᠶᠢ ᠨᠢᠭᠡᠳᠬᠡᠭᠰᠡᠨ ᠢᠶᠡᠷ ᠢᠷᠭᠡᠳ ᠲᠥᠷᠥ ᠶᠢᠨ ᠦᠢᠯᠡᠴᠢᠯᠡᠭᠡᠨ ᠦ ᠨᠢᠭᠡᠳᠦᠭᠰᠡᠨ ᠰᠢᠰᠲ᠋ᠧᠮ ᠢ ᠮᠣᠩᠭᠣᠯᠢᠶᠠ ᠳᠤ ᠨᠡᠪᠲᠡᠷᠡᠭᠰᠡᠨ ᠲᠣᠬᠢᠶᠠᠯᠳᠤᠯ ᠳᠤ ᠳᠠᠬᠢᠨ ᠥᠭᠡᠷ᠎ᠡ ᠸᠧᠪ ᠪᠣᠯᠤᠨ ᠠᠫᠫᠯᠢᠺᠸᠢᠢᠱᠢᠨ ᠤᠷᠤᠭᠤ ᠨᠡᠪᠲᠡᠷᠡᠬᠦ ᠦᠭᠡᠢ ᠪᠡᠷ ᠲᠠᠰᠤᠯᠪᠤᠷᠢ ᠪᠠᠨ ᠵᠠᠬᠢᠶᠠᠯᠠᠬᠤ ᠶᠤᠮ᠃
᠓᠂ ᠢ-ᠮᠣᠩᠭᠣᠯᠢᠶᠠ ᠰᠢᠰᠲ᠋ᠧᠮ ᠦᠨ ᠸᠧᠪ ᠡᠴᠡ ᠑᠑᠑᠑ ᠰᠢᠭᠤᠳ ᠳ᠋ᠤᠭᠠᠷ ᠲᠤ ᠳᠠᠭᠤᠳᠠᠯᠭ᠎ᠠ ᠬᠢᠬᠦ
《ᠲᠧᠯᠺᠣᠺᠣᠮ》 ᠬᠢᠵᠠᠭᠠᠷᠯᠠᠭᠳᠠᠮᠠᠯ ᠬᠤᠪᠢᠴᠠᠭᠠᠲᠤ ᠺᠣᠮᠫᠠᠨᠢ ᠲᠠᠢ ᠬᠠᠮᠲᠤᠷᠠᠨ ᠭᠠᠳᠠᠭᠠᠳᠤ ᠣᠷᠣᠨ ᠳᠤ ᠰᠠᠭᠤᠭ᠎ᠠ ᠢᠷᠭᠡᠳ ᠶᠠᠮᠠᠷ ᠨᠢᠭᠡᠨ ᠳ᠋ᠤᠭᠠᠷ ᠱᠠᠭᠠᠷᠳᠠᠯᠭ᠎ᠠ ᠦᠭᠡᠢ ᠪᠡᠷ ᠢᠨ᠋ᠲ᠋ᠧᠷᠨ᠋ᠸᠲ ᠰᠦᠯᠵᠢᠶᠡᠨ ᠳᠦ ᠬᠣᠯᠪᠣᠭᠳᠠᠭᠰᠠᠨ ᠪᠠᠶᠢᠬᠤ ᠳᠤ ᠯᠠ www.e-mongolia.mn ᠸᠸᠪ ᠡᠴᠡ ᠑᠑᠑᠑ ᠳ᠋ᠤᠭᠠᠷ ᠲᠤ ᠬᠠᠨᠳᠤᠨ ᠳᠠᠭᠤᠳᠠᠯᠭ᠎ᠠ ᠬᠢᠬᠦ ᠪᠣᠯᠤᠮᠵᠢ ᠪᠦᠷᠢᠳᠦᠯ᠎ᠡ᠃ ᠢᠩᠭᠢᠭᠰᠡᠨ ᠢᠶᠡᠷ 《ᠢ-ᠮᠣᠩᠭᠣᠯ ᠠᠺᠠᠳᠧᠮᠢ》 ᠤᠯᠤᠰ ᠤᠨ ᠲᠥᠰᠥᠪᠲᠦ ᠦᠢᠯᠡᠳᠪᠦᠷᠢ ᠶᠢᠨ ᠭᠠᠵᠠᠷ ᠤᠨ ᠬᠡᠷᠡᠭᠯᠡᠭᠴᠢ ᠶᠢᠨ ᠦᠢᠯᠡᠴᠢᠯᠡᠭᠡᠨ ᠦ ᠬᠡᠯᠲᠡᠰ ᠦᠨ ᠣᠫᠧᠷᠠᠲ᠋ᠣᠷ ᠠᠵᠢᠯᠲᠠᠨ ᠨᠤᠭᠤᠳ ᠲᠠᠢ ᠰᠢᠭᠤᠳ ᠬᠣᠯᠪᠣᠭᠳᠠᠵᠤ ᠢ ᠮᠣᠩᠭᠣᠯᠢᠶᠠ ᠰᠢᠰᠲ᠋ᠧᠮ ᠠᠰᠢᠭᠯᠠᠯᠲᠠ ᠶᠢᠨ ᠵᠢᠭᠠᠪᠤᠷᠢ᠂ ᠵᠥᠪᠯᠡᠭᠡ ᠮᠡᠳᠡᠭᠡᠯᠡᠯ ᠢ ᠠᠪᠬᠤ ᠪᠣᠯᠤᠮᠵᠢ ᠲᠠᠢ᠃
᠔᠂ ᠴᠠᠬᠢᠮ ᠤᠷ᠎ᠠ ᠴᠢᠳᠠᠪᠤᠷᠢ ᠼᠧᠰᠧ
ᠢ ᠮᠣᠩᠭᠣᠯᠢᠶᠠ ᠓.᠐ ᠬᠤᠪᠢᠯᠪᠤᠷᠢ ᠶᠢᠨ ᠬᠦᠷᠢᠶᠡᠨ ᠳᠦ ᠸᠸᠪ ᠬᠠᠭᠤᠳᠠᠰᠤᠨ ᠳᠤ ᠪᠠᠨ ᠢᠷᠭᠡᠳ ᠦᠨ ᠴᠠᠬᠢᠮ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠮᠡᠳᠡᠭᠡᠯᠡᠯ ᠦᠨ ᠲᠧᠭᠨᠣᠯᠣᠭᠢ ᠨᠤᠭᠤᠳ ᠤᠨ ᠲᠠᠯᠠᠭᠠᠷᠬᠢ ᠭᠠᠷ ᠤᠨ ᠠᠪᠤᠯᠭ᠎ᠠ ᠨᠤᠭᠤᠳ᠂ ᠺᠣᠮᠫᠢᠶᠦ᠋ᠲ᠋ᠧᠷ ᠤᠨ ᠬᠡᠷᠡᠭᠯᠡᠭᠡ᠂ ᠮᠡᠳᠡᠭᠡᠯᠡᠯ ᠦᠨ ᠠᠶᠤᠯ ᠦᠭᠡᠢ ᠪᠠᠶᠢᠳᠠᠯ᠂ ᠣᠩᠯᠠᠶᠢᠨ ᠤᠷᠴᠢᠨ ᠳᠤ ᠬᠡᠷᠬᠢᠨ ᠠᠵᠢᠯᠯᠠᠬᠤ ᠵᠡᠷᠭᠡ ᠺᠣᠨ᠋ᠲ᠋ᠧᠨ᠋ᠲ ᠤᠳ ᠢ ᠪᠠᠭᠲᠠᠭᠠᠭᠰᠠᠨ ᠴᠠᠬᠢᠮ ᠤᠷ᠎ᠠ ᠴᠢᠳᠠᠪᠤᠷᠢ ᠼᠧᠰᠧ ᠶᠢ 《ᠪᠣᠯᠪᠠᠰᠤᠷᠠᠯ ᠤᠨ ᠮᠡᠳᠡᠭᠡᠯᠡᠯ ᠦᠨ ᠲᠧᠭᠨᠣᠯᠣᠭᠢ ᠶᠢᠨ ᠲᠥᠪ》 ᠍ ᠲᠡᠢ ᠬᠠᠮᠲᠤᠷᠠᠨ ᠨᠡᠮᠡᠵᠦ ᠣᠷᠣᠭᠤᠯᠤᠯ᠎ᠠ᠃