United Nations Educational Scientific and Cultural Organization ᠍ ᠶᠢᠨ ᠮᠣᠩᠭᠣᠯ ᠤᠨ ᠦᠨᠳᠦᠰᠦᠨ ᠦ ᠺᠣᠮᠢᠰ ᠨᠢ ᠠᠪᠤᠯᠠᠭ ᠲᠠᠢ ᠲᠡᠮᠡᠴᠡᠬᠦ ᠭᠠᠵᠠᠷ᠂ Globe International Center᠂ ᠨᠡᠭᠡᠭᠡᠯᠲᠡᠲᠡᠢ ᠨᠡᠶᠢᠭᠡᠮ ᠹᠣᠷᠣᠮ ᠪᠣᠯᠤᠨ IFEX ᠣᠯᠠᠨ ᠤᠯᠤᠰ ᠤᠨ ᠲᠥᠷᠥ ᠶᠢᠨ ᠪᠤᠰᠤ ᠪᠠᠶᠢᠭᠤᠯᠤᠯᠭ᠎ᠠ ᠲᠠᠢ ᠬᠠᠮᠲᠤᠷᠠᠨ 《ᠮᠡᠳᠡᠭᠡᠯᠡᠯ ᠣᠯᠵᠤ ᠠᠪᠬᠤ ᠲᠦᠭᠡᠮᠡᠯ ᠡᠷᠬᠡ ᠶᠢᠨ ᠣᠯᠠᠨ ᠤᠯᠤᠰ ᠤᠨ ᠡᠳᠦᠷ ᠢ ᠲᠣᠬᠢᠶᠠᠯᠳᠤᠭᠤᠯᠤᠨ 《ᠴᠠᠬᠢᠮ ᠤᠷᠴᠢᠨ ᠳᠤ ᠮᠡᠳᠡᠬᠦ ᠡᠷᠬᠡ ᠶᠢ ᠬᠠᠩᠭᠠᠬᠤ ᠨᠢ》 ᠬᠡᠯᠡᠯᠴᠡᠭᠦᠯᠭᠡ ᠶᠢ ᠒᠐᠒᠓ ᠣᠨ ᠤ ᠐᠙ ᠳᠦᠭᠡᠷ ᠰᠠᠷ᠎ᠠ ᠶᠢᠨ ᠒᠘ ᠍ ᠤ ᠡᠳᠦᠷ ᠵᠣᠬᠢᠶᠠᠨ ᠪᠠᠶᠢᠭᠤᠯᠤᠯ᠎ᠠ᠃
ᠬᠡᠯᠡᠯᠴᠡᠭᠦᠯᠭᠡ ᠳᠦ ᠲᠥᠷᠦ᠂ ᠢᠷᠭᠡᠨ ᠦ ᠨᠡᠶᠢᠭᠡᠮ᠂ ᠬᠡᠪᠯᠡᠯ ᠮᠡᠳᠡᠭᠡᠯᠡᠯ᠂ ᠰᠤᠳᠤᠯᠤᠭᠠᠴᠢᠳ ᠤᠨ ᠲᠥᠯᠦᠭᠡᠯᠡᠯ ᠦᠨ ᠕᠐ ᠭᠠᠷᠤᠢ ᠣᠷᠣᠯᠴᠠᠭᠴᠢᠳ ᠬᠠᠮᠤᠷᠤᠭᠳᠠᠵᠤ 《ᠴᠠᠬᠢᠮ ᠣᠷᠴᠢᠨ ᠳᠤ ᠮᠡᠳᠡᠬᠦ ᠡᠷᠬᠡ ᠶᠢ ᠬᠠᠩᠭᠠᠬᠤ》 ᠠᠰᠠᠭᠤᠳᠠᠯ ᠢᠶᠠᠷ ᠭᠠᠷᠴᠠ ᠪᠠ ᠰᠢᠢᠳᠦᠯ ᠢ ᠬᠡᠯᠡᠯᠴᠡᠪᠡ᠃
ᠲᠤᠰ ᠬᠡᠯᠡᠯᠴᠡᠭᠦᠯᠭᠡ ᠳᠦ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤ᠂ ᠠᠪᠤᠯᠠᠭ ᠲᠠᠢ ᠲᠡᠮᠡᠴᠡᠬᠦ ᠭᠠᠵᠠᠷ ᠤᠨ ᠲᠥᠯᠦᠭᠡᠯᠡᠯ ᠦᠳ ᠪᠣᠯᠤᠨ 《ᠢ-ᠮᠣᠩᠭᠣᠯ ᠠᠺᠠᠳᠧᠮᠢ》 ᠤᠯᠤᠰ ᠤᠨ ᠲᠥᠰᠦᠪ ᠲᠦ ᠦᠢᠯᠡᠳᠪᠦᠷᠢ ᠶᠢᠨ ᠭᠠᠵᠠᠷ ᠤᠨ ᠴᠠᠬᠢᠮ ᠤᠷ᠎ᠠ ᠴᠢᠳᠠᠪᠤᠷᠢ ᠶᠢᠨ ᠭᠠᠵᠠᠷ ᠤᠨ ᠳᠠᠷᠤᠭ᠎ᠠ ᠸ ∙ ᠯᠤᠲᠤ-ᠣᠴᠢᠷ 《ᠢᠷᠭᠡᠳ ᠦᠨ ᠴᠠᠬᠢᠮ ᠤᠷ᠎ᠠ ᠴᠢᠳᠠᠪᠤᠷᠢ-ᠮᠡᠳᠡᠭᠡᠯᠡᠯ ᠦᠨ ᠪᠣᠯᠪᠠᠰᠤᠷᠠᠯ》 ᠰᠡᠳᠦᠪ ᠢᠶᠡᠷ ᠢᠯᠡᠳᠬᠡᠯ ᠲᠠᠯᠪᠢᠯ᠎ᠠ᠃
ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠨᠢ ᠶᠡᠷᠦᠩᠬᠡᠢ ᠠᠰᠰᠠᠮᠪᠯᠧᠢ ᠶᠢᠨ ᠗᠔ ᠳᠦᠭᠡᠷ ᠴᠢᠭᠤᠯᠭᠠᠨ ᠢᠶᠠᠷ ᠮᠡᠳᠡᠭᠡᠯᠡᠯ ᠣᠯᠵᠤ ᠠᠪᠬᠤ ᠡᠷᠬᠡ ᠶᠢᠨ ᠠᠴᠢ ᠬᠣᠯᠪᠣᠭᠳᠠᠯ ᠢ ᠬᠦᠯᠢᠶᠡᠨ ᠵᠥᠪᠰᠢᠶᠡᠷᠡᠴᠢ᠂ ᠒᠐᠑᠙ ᠣᠨ ᠤ ᠑᠐ ᠳ᠋ᠤᠭᠠᠷ ᠰᠠᠷ᠎ᠠ ᠳᠤ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠶᠢᠨ ᠲᠦᠪᠰᠢᠨ ᠳᠦ ᠠᠯᠪᠠᠨ ᠶᠣᠰᠣᠭᠠᠷ ᠵᠢᠯ ᠪᠦᠷᠢ ᠶᠢᠨ ᠐᠙ ᠳᠦᠭᠡᠷ ᠰᠠᠷ᠎ᠠ ᠶᠢᠨ ᠒᠘ ᠍ ᠤ ᠡᠳᠦᠷ ᠢ ᠮᠡᠳᠡᠭᠡᠯᠡᠯ ᠣᠯᠵᠤ ᠠᠪᠬᠤ ᠲᠦᠭᠡᠮᠡᠯ ᠡᠷᠬᠡ ᠶᠢᠨ ᠣᠯᠠᠨ ᠤᠯᠤᠰ ᠤᠨ ᠡᠳᠦᠷ ᠪᠣᠯᠭᠠᠨ ᠲᠤᠩᠬᠠᠭᠯᠠᠭᠰᠠᠨ ᠶᠤᠮ᠃