E-Mongolia ᠫᠯᠠᠲ᠋ᠹᠣᠷᠮ ᠬᠡᠦᠬᠡᠳ ᠬᠠᠮᠠᠭᠠᠯᠠᠯ ᠤᠨ Ekids ᠴᠣᠩᠬᠣ ᠲᠠᠢ ᠪᠣᠯᠤᠯ᠎ᠠ


E-Mongolia ᠫᠯᠠᠲ᠋ᠹᠣᠷᠮ ᠳᠤ ᠐-᠑᠖ ᠨᠠᠰᠤᠨ ᠤ ᠬᠡᠦᠬᠡᠳ ᠨᠡᠪᠲᠡᠷᠡᠬᠦ ᠪᠣᠯᠤᠮᠵᠢ ᠲᠠᠢ ᠪᠣᠯᠤᠯ᠎ᠠ᠃ ᠲᠤᠰ ᠫᠯᠠᠲ᠋ᠹᠣᠷᠮ ᠤᠨ ᠨᠡᠪᠲᠡᠷᠡᠬᠦ ᠨᠢᠭᠤᠷᠠᠨ ᠳᠤ 《ᠬᠡᠦᠬᠡᠳ ᠢᠶᠡᠷ ᠨᠡᠪᠲᠡᠷᠡᠬᠦ》 ᠴᠣᠩᠬᠣ ᠨᠡᠮᠡᠭᠳᠡᠭᠰᠡᠨ᠃ ᠲᠡᠷᠬᠡᠦ ᠴᠣᠩᠬᠣ ᠪᠠᠷ ᠳᠠᠮᠵᠢᠨ ᠬᠡᠦᠬᠡᠳ ᠷᠧᠭᠢᠰᠲ᠋ᠧᠷ ᠦᠨ ᠳᠤᠭ ᠢᠶᠠᠷ ᠢᠶᠠᠨ ᠣᠷᠣᠭᠤᠯᠬᠤ ᠳᠤ QR ᠺᠣᠳ᠋ ᠭᠠᠷᠴᠤ ᠢᠷᠡᠨ᠎ᠡ᠃ ᠡᠴᠢᠭᠡ ᠡᠬᠡ ᠶᠢᠨ ᠬᠢ ᠨᠢ ᠠᠯᠢ ᠨᠢᠭᠡ ᠨᠢ ᠥᠪᠡᠷ ᠦᠨ ᠪᠦᠷᠢᠳᠬᠡᠯ ᠢᠶᠡᠷ E-Mongolia ᠍ ᠲᠤ ᠨᠡᠪᠲᠡᠷᠡᠨ ᠲᠤᠰ QR ᠺᠣᠳ᠋ ᠍ ᠢ ᠤᠩᠰᠢᠭᠤᠯᠤᠨ ᠬᠡᠦᠬᠡᠳ ᠦᠨ ᠢᠶᠡᠨ ᠪᠦᠷᠢᠳᠬᠡᠯ ᠢ ᠪᠠᠲᠤᠯᠠᠭᠠᠵᠢᠭᠤᠯᠬᠤ ᠶᠤᠮ᠃

ᠬᠡᠦᠬᠡᠳ ᠦᠳ ᠰᠤᠷᠭᠠᠭᠤᠯᠢᠳᠠᠭ᠎ᠠ ᠢᠷᠡᠭᠰᠡᠨ᠂ ᠭᠡᠷ ᠲᠦ ᠪᠡᠨ ᠬᠠᠷᠢᠭᠰᠠᠨ ᠢᠶᠠᠨ ᠭᠠᠭᠴᠠᠬᠠᠨ ᠲᠣᠪᠴᠢᠯᠠᠭᠤᠷ ᠠᠰᠢᠭᠯᠠᠨ ᠡᠵᠢ ᠠᠪᠤ ᠳᠤ ᠪᠠᠨ ᠮᠡᠳᠡᠭᠳᠡᠯ ᠶᠠᠪᠤᠭᠤᠯᠬᠤ ᠪᠣᠯᠤᠮᠵᠢ ᠲᠠᠢ ᠲᠡᠳᠦᠢ ᠦᠭᠡᠢ ᠥᠪᠡᠷ ᠦᠨ ᠪᠠᠶᠢᠭ᠎ᠠ ᠭᠠᠵᠠᠷ ᠤᠨ ᠢᠶᠠᠨ ᠓ ᠦᠭᠡ ᠳᠦ ᠬᠠᠶ᠋ᠢᠭ ᠢ ᠢᠯᠡᠭᠡᠬᠦ ᠪᠣᠯᠵᠤ ᠪᠠᠶᠢᠨ᠎ᠠ᠃ ᠮᠥᠨ ᠴᠠᠬᠢᠮ ᠭᠠᠳᠠᠭᠤᠷᠬᠠᠯ᠂ ᠭᠡᠮᠲᠦ ᠬᠡᠷᠡᠭ ᠦᠨ ᠰᠢᠨᠵᠢᠲᠡᠢ ᠰᠡᠵᠢᠭ ᠲᠡᠢ ᠲᠣᠬᠢᠶᠠᠯᠳᠤᠯ ᠢᠯᠡᠷᠡᠪᠡᠯ ᠴᠠᠭᠳᠠᠭ᠎ᠠ ᠶᠢᠨ ᠶᠡᠷᠦᠩᠬᠡᠢ ᠭᠠᠵᠠᠷ ᠲᠤ ᠵᠢᠷᠤᠭ ᠤᠨ ᠬᠠᠮᠲᠤ ᠮᠡᠳᠡᠭᠡᠯᠡᠯ ᠰᠢᠭᠤᠳ ᠢᠯᠡᠭᠡᠬᠦ ᠰᠢᠢᠳᠦᠯ ᠪᠣᠯᠪᠠᠰᠤᠷᠠᠭᠤᠯᠤᠭᠰᠠᠨ᠃

ᠴᠠᠬᠢᠮ ᠣᠷᠴᠢᠨ ᠤ ᠬᠡᠦᠬᠡᠳ ᠬᠠᠮᠠᠭᠠᠯᠠᠯ᠂ ᠶᠠᠭᠠᠷᠠᠯ ᠲᠠᠢ ᠲᠤᠰᠠᠯᠠᠮᠵᠢ ᠠᠪᠬᠤ᠂ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ ᠵᠡᠷᠭᠡ ᠵᠢᠭᠠᠪᠤᠷᠢ ᠵᠥᠪᠯᠡᠭᠡ ᠪᠠᠶᠢᠷᠢᠰᠢᠭᠰᠠᠨ Ekids ᠼᠧᠰᠧ ᠶᠢ ᠨᠡᠮᠡᠯᠲᠡ ᠪᠡᠷ ᠬᠥᠭᠵᠢᠭᠦᠯᠦᠯ᠎ᠡ᠃ ᠭᠡᠨᠡᠳᠲᠡ ᠶᠢᠨ ᠪᠣᠯᠵᠣᠰᠢ ᠦᠭᠡᠢ ᠠᠶᠤᠯ ᠤᠴᠠᠷᠠᠬᠤ ᠳᠤ ᠶᠠᠭᠠᠷᠠᠯᠲᠠᠢ ᠲᠤᠰᠠᠯᠠᠮᠵᠢ ᠶᠢᠨ ᠑᠐᠒᠂ ᠑᠐᠓᠂ ᠑᠐᠘ ᠤᠲᠠᠰᠤᠨ ᠨᠤᠭᠤᠳ ᠲᠤ ᠰᠢᠭᠤᠳ ᠳᠠᠭᠤᠳᠠᠯᠭ᠎ᠠ ᠬᠢᠬᠦ᠂ ᠡᠴᠢᠭᠡ ᠡᠬᠡ ᠳᠦ ᠪᠡᠨ ᠮᠡᠳᠡᠭᠳᠡᠯ ᠢᠯᠡᠭᠡᠬᠦ ᠪᠣᠯᠤᠮᠵᠢ ᠲᠠᠢ᠃

ᠴᠠᠬᠢᠮ ᠬᠥᠭᠵᠢᠯ ᠬᠠᠷᠢᠯᠴᠠᠭ᠎ᠠ ᠬᠣᠯᠪᠣᠭᠠᠨ ᠤ ᠰᠠᠶᠢᠳ ᠨ ∙ ᠤᠴᠠᠷᠠᠯ ᠤᠨ ᠰᠠᠨᠠᠭᠠᠴᠢᠯᠠᠭ᠎ᠠ ᠶᠢ ᠮᠣᠪᠢᠺᠣᠮ᠂ ᠶᠨᠢᠲ᠋ᠧᠯ᠂ ᠰᠲᠠᠲ᠋ᠧᠯ᠂ ᠵᠢ-ᠮᠣᠪᠠᠶᠢᠯ᠂ ᠣᠨᠳᠣ ᠺᠣᠮᠫᠠᠨᠢ ᠨᠤᠭᠤᠳ ᠳᠡᠮᠵᠢᠵᠦ ᠬᠡᠦᠬᠡᠳ ᠬᠠᠮᠠᠭᠠᠯᠠᠯ᠂ ᠬᠡᠦᠬᠡᠳ ᠦᠨ ᠡᠰᠡᠷᠡᠭ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ ᠳᠦ ᠬᠤᠪᠢ ᠨᠡᠮᠡᠷᠢ ᠪᠡᠨ ᠣᠷᠣᠭᠤᠯᠵᠤ E-Mongolia᠂ Ekids ᠠᠰᠢᠭᠯᠠᠬᠤ ᠳᠤ ᠳᠠᠲ᠋ᠠ ᠱᠠᠭᠠᠷᠳᠠᠳᠠᠭ ᠦᠭᠡᠢ ᠪᠣᠯᠤᠯ᠎ᠠ᠃

ᠨᠡᠶᠢᠲᠡᠯᠡᠭᠰᠡᠨ᠄