ᠣᠯᠠᠨ ᠤᠯᠤᠰ ᠤᠨ ᠰᠢᠨᠵᠢᠯᠡᠬᠦ ᠤᠬᠠᠭᠠᠨ᠂ ᠢᠨᠵᠧᠨᠧᠷᠴᠢᠯᠡᠯ᠂ ᠲᠧᠭᠨᠣᠯᠣᠭᠢ ᠶᠢᠨ ᠰᠢᠮᠫᠣᠽᠢᠦᠶᠢᠮ (ICSET 2023) ᠐᠗ ᠳ᠋ᠤᠭᠠᠷ ᠰᠠᠷ᠎ᠠ ᠶᠢᠨ ᠐᠕-᠐᠗ ᠍ ᠤ ᠡᠳᠦᠷ ᠦᠳ ᠲᠦ ᠬᠣᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠲᠤ ᠴᠠᠬᠢᠮ ᠪᠣᠯᠤᠨ ᠲᠠᠩᠬᠢᠮ ᠢᠶᠠᠷ ᠵᠣᠬᠢᠶᠠᠨ ᠪᠠᠶᠢᠭᠤᠯᠤᠭᠳᠠᠭᠰᠠᠨ ᠶᠤᠮ᠃
ᠡᠨᠡᠬᠦ ᠰᠢᠮᠫᠣᠽᠢᠦᠶᠢᠮ ᠳᠦ ᠬᠡᠯᠡᠯᠴᠡᠭᠦᠯᠦᠭᠰᠡᠨ 《ᠢ-ᠮᠣᠩᠭᠣᠯ ᠠᠺᠠᠳᠧᠮᠢ》 ᠤᠯᠤᠰ ᠤᠨ ᠲᠥᠰᠦᠪ ᠲᠦ ᠦᠢᠯᠡᠳᠪᠦᠷᠢ ᠶᠢᠨ ᠭᠠᠵᠠᠷ ᠤᠨ ᠴᠠᠬᠢᠮ ᠤᠷ᠎ᠠ ᠴᠢᠳᠠᠪᠤᠷᠢ ᠶᠢᠨ ᠭᠠᠵᠠᠷ ᠤᠨ ᠲᠥᠯᠦᠭᠡᠯᠡᠯ᠂ ᠪᠣᠯᠪᠠᠰᠤᠷᠠᠯ ᠤᠨ ᠰᠤᠳᠤᠯᠭᠠᠨ ᠤ ᠦᠨᠳᠦᠰᠦᠨ ᠦ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠵᠢᠯᠲᠠᠨ ᠨᠤᠭᠤᠳ ᠤᠨ ᠬᠠᠮᠲᠤ ᠶᠢᠨ ᠪᠦᠲᠦᠭᠡᠯ ᠪᠣᠯᠬᠤ 《ᠣᠯᠠᠨ ᠤᠯᠤᠰ ᠲᠤ ᠬᠡᠷᠡᠭᠵᠢᠭᠦᠯᠵᠦ ᠪᠤᠢ ᠪᠦᠬᠦ ᠨᠡᠶᠢᠲᠡ ᠶᠢᠨ ᠮᠡᠳᠡᠭᠡᠯᠡᠯ᠂ ᠬᠠᠷᠢᠯᠴᠠᠭ᠎ᠠ ᠬᠣᠯᠪᠣᠭ᠎ᠠ᠂ ᠲᠧᠭᠨᠣᠯᠣᠭᠢ ᠶᠢᠨ ᠴᠢᠳᠠᠮᠵᠢ ᠶᠢᠨ ᠪᠦᠲᠦᠴᠡ ᠶᠢᠨ ᠬᠦᠷᠢᠶ᠎ᠡ》 ᠰᠡᠳᠦᠪᠲᠦ ᠡᠷᠳᠡᠮ ᠰᠢᠨᠵᠢᠯᠡᠭᠡᠨ ᠦ ᠦᠭᠦᠯᠡᠯ 《Special Issue – ISCSET 2023 Embedded Selforganising Systems》 ᠰᠡᠳᠬᠦᠯ ᠳᠦ ᠨᠡᠶᠢᠲᠡᠯᠡᠭᠳᠡᠯ᠎ᠡ᠃
ᠲᠤᠰ ᠡᠷᠳᠡᠮ ᠰᠢᠨᠵᠢᠯᠡᠭᠡᠨ ᠦ ᠦᠭᠦᠯᠡᠯ ᠳᠦ ᠳᠡᠯᠡᠬᠡᠢ ᠨᠡᠶᠢᠲᠡ ᠳᠦ ᠢᠷᠭᠡᠳ ᠲᠦ ᠴᠠᠬᠢᠮ ᠤᠷ᠎ᠠ ᠴᠢᠳᠠᠪᠤᠷᠢ ᠣᠯᠭᠤᠬᠤ᠂ ᠪᠣᠯᠪᠠᠰᠤᠷᠠᠯ ᠤᠨ ᠲᠦᠪᠰᠢᠨ ᠢ ᠦᠨᠡᠯᠡᠬᠦ ᠵᠣᠷᠢᠯᠭ᠎ᠠ ᠪᠠᠷ ᠣᠯᠠᠨ ᠤᠯᠤᠰ ᠤᠨ ᠪᠠᠶᠢᠭᠤᠯᠤᠯᠭ᠎ᠠ᠂ ᠬᠤᠪ ᠤᠨ ᠬᠡᠪᠰᠢᠯ ᠦᠳ ᠴᠠᠬᠢᠮ ᠤᠷ᠎ᠠ ᠴᠢᠳᠠᠪᠤᠷᠢ ᠶᠢᠨ ᠪᠦᠲᠦᠴᠡ ᠶᠢᠨ ᠬᠦᠷᠢᠶ᠎ᠡ ᠶᠢ ᠪᠣᠯᠪᠠᠰᠤᠷᠠᠭᠤᠯᠤᠭᠰᠠᠨ ᠪᠠᠶᠢᠳᠠᠭ ᠲᠠᠯ᠎ᠠ ᠪᠠᠷ ᠲᠤᠰᠬᠠᠭᠰᠠᠨ ᠪᠠᠶᠢᠨ᠎ᠠ᠃ ᠮᠥᠨ ᠣᠯᠠᠨ ᠤᠯᠤᠰ ᠲᠤ ᠥᠷᠭᠡᠨ ᠠᠰᠢᠭᠯᠠᠭᠳᠠᠳᠠᠭ᠂ ᠢᠷᠭᠡᠳ ᠦᠨ ᠮᠡᠳᠡᠭᠡᠯᠡᠯ᠂ ᠬᠠᠷᠢᠯᠴᠠᠭ᠎ᠠ ᠬᠣᠯᠪᠣᠭ᠎ᠠ᠂ ᠲᠧᠭᠨᠣᠯᠣᠭᠢ ᠶᠢᠨ ᠴᠢᠳᠠᠮᠵᠢ ᠪᠠᠷ ᠢᠶᠠᠨ ᠲᠡᠷᠢᠭᠦᠯᠡᠵᠦ ᠪᠤᠢ ᠤᠯᠤᠰ ᠣᠷᠣᠨ ᠨᠤᠭᠤᠳ ᠤᠨ ᠪᠣᠯᠤᠨ ᠬᠤᠪ ᠤᠨ ᠬᠡᠪᠰᠢᠯ ᠦᠨ ᠪᠠᠶᠢᠭᠤᠯᠤᠯᠭ᠎ᠠ ᠨᠤᠭᠤᠳ ᠠᠴᠠ ᠭᠠᠷᠭᠠᠭᠰᠠᠨ ᠮᠡᠳᠡᠭᠡᠯᠡᠯ᠂ ᠬᠠᠷᠢᠯᠴᠠᠭ᠎ᠠ ᠬᠣᠯᠪᠣᠭ᠎ᠠ᠂ ᠲᠧᠭᠨᠣᠯᠣᠭᠢ ᠶᠢᠨ ᠴᠢᠳᠠᠮᠵᠢ ᠶᠢᠨ ᠑᠒ ᠪᠦᠲᠦᠴᠡ ᠶᠢᠨ ᠬᠦᠷᠢᠶ᠎ᠡ ᠶᠢ ᠰᠤᠳᠤᠯᠵᠠᠢ᠃ ᠢᠩᠭᠢᠭᠰᠡᠨ ᠢᠶᠡᠷ ᠮᠣᠩᠭᠣᠯ ᠤᠯᠤᠰ ᠤᠨ ᠪᠦᠬᠦ ᠨᠡᠶᠢᠲᠡ ᠶᠢᠨ ᠮᠡᠳᠡᠭᠡᠯᠡᠯ᠂ ᠬᠠᠷᠢᠯᠴᠠᠭ᠎ᠠ ᠬᠣᠯᠪᠣᠭ᠎ᠠ᠂ ᠲᠧᠭᠨᠣᠯᠣᠭᠢ ᠶᠢᠨ ᠴᠢᠳᠠᠮᠵᠢ ᠶᠢᠨ ᠪᠦᠲᠦᠴᠡ ᠶᠢᠨ ᠬᠦᠷ᠎ᠡ ᠶᠢ ᠲᠣᠳᠣᠷᠬᠠᠶᠢᠯᠠᠬᠤ᠂ ᠪᠣᠯᠪᠠᠰᠤᠷᠠᠭᠤᠯᠬᠤ ᠦᠢᠯᠡ ᠶᠠᠪᠤᠴᠠ ᠳᠤ ᠶᠡᠬᠡᠬᠡᠨ ᠬᠤᠪᠢ ᠨᠡᠮᠡᠷᠢ ᠣᠷᠣᠭᠤᠯᠵᠤ ᠪᠠᠶᠢᠭ᠎ᠠ ᠶᠤᠮ᠃
ᠰᠢᠮᠫᠣᠽᠢᠦᠶᠢᠮ ᠳᠦ ᠭᠧᠷᠮᠠᠨ᠂ ᠹᠷᠠᠨᠼᠢ᠂ ᠬᠢᠲᠠᠳ᠂ ᠮᠣᠩᠭᠣᠯ᠂ ᠢᠣᠷᠳᠠᠨ᠂ ᠠᠯᠵᠢᠷ᠂ ᠶᠠᠫᠣᠨ᠂ ᠬᠠᠰᠠᠭᠰᠲ᠋ᠠᠨ᠂ ᠦᠽᠪᠧᠺᠢᠰᠲᠠᠨ ᠤᠯᠤᠰ ᠠᠴᠠ ᠣᠷᠣᠯᠴᠠᠵᠤ᠂ ᠥᠭᠦᠯᠡᠯ ᠢᠶᠡᠨ ᠲᠠᠨᠢᠯᠴᠠᠭᠤᠯᠤᠭᠰᠠᠨ ᠪᠠᠶᠢᠨ᠎ᠠ᠃ ᠲᠡᠷᠬᠡᠦ ᠦᠭᠦᠯᠡᠯ ᠦᠳ ᠢ ᠨᠢᠭᠡᠳᠬᠡᠵᠦ ᠨᠡᠶᠢᠲᠡᠯᠡᠭᠰᠡᠨ 《Special Issue–ISCSET 2023 Embedded Selforganising Systems》 ᠰᠡᠳᠬᠦᠯ ᠲᠡᠢ ᠲᠠᠨᠢᠯᠴᠠᠬᠤ ᠪᠣᠯ ᠡᠨᠳᠡ ᠳᠠᠷᠤᠨ᠎ᠠ ᠤᠤ᠃