ᠨᠡᠶᠢᠰᠯᠡᠯ ᠦᠨ ᠴᠡᠴᠡᠷᠯᠢᠭ ᠦᠨ ᠪᠦᠷᠢᠳᠬᠡᠯ ᠦᠨ ᠬᠦᠰᠡᠯᠲᠡ ᠶᠢ E-Mongolia ᠰᠢᠰᠲ᠋ᠧᠮ ᠢᠶᠡᠷ ᠬᠦᠯᠢᠶᠡᠨ ᠠᠪᠴᠤ ᠡᠬᠢᠯᠡᠯ᠎ᠡ


2023-2024 ᠣᠨ ᠤ ᠬᠢᠴᠢᠶᠡᠯ ᠦᠨ ᠵᠢᠯ ᠳᠦ ᠤᠯᠤᠰ ᠤᠨ ᠬᠡᠮᠵᠢᠶᠡᠨ ᠳᠦ 1410 ᠴᠡᠴᠡᠷᠯᠢᠭ ᠦᠢᠯᠡ ᠠᠵᠢᠯᠯᠠᠭ᠎ᠠ ᠶᠠᠪᠤᠭᠤᠯᠵᠤ᠂ 274 ᠮᠢᠩᠭ᠎ᠠ ᠭᠠᠷᠤᠢ ᠬᠡᠦᠬᠡᠳ ᠴᠡᠴᠡᠷᠯᠢᠭ ᠲᠦ ᠬᠦᠮᠦᠵᠢᠭᠰᠡᠨ᠃ 2024-2025 ᠣᠨ ᠤ ᠬᠢᠴᠢᠶᠡᠯ ᠦᠨ ᠡᠨᠡ ᠵᠢᠯ ᠳᠦ ᠤᠷᠢᠳᠴᠢᠯᠠᠭᠰᠠᠨ ᠪᠠᠶᠢᠳᠠᠯ ᠢᠶᠠᠷ ᠨᠡᠶᠢᠰᠯᠡᠯ ᠳᠦ ᠴᠡᠴᠡᠷᠯᠢᠭ ᠦᠨ ᠨᠠᠰᠤᠨ ᠤ 142150 ᠬᠡᠦᠬᠡᠳ ᠪᠠᠶᠢᠭ᠎ᠠ ᠠᠴᠠ 2 ᠨᠠᠰᠤᠲᠠᠢ 30894 ᠬᠡᠦᠬᠡᠳ ᠪᠠᠶᠢᠨ᠎ᠠ᠃ ᠨᠡᠶᠢᠰᠯᠡᠯ ᠦᠨ ᠴᠡᠴᠡᠷᠯᠢᠭ ᠦᠨ ᠪᠦᠷᠢᠳᠬᠡᠯ ᠢ ᠲᠥᠷᠥ ᠶᠢᠨ ᠦᠢᠯᠡᠴᠢᠯᠡᠭᠡᠨ ᠦ ᠨᠢᠭᠡᠳᠦᠭᠰᠡᠨ ᠰᠢᠰᠲ᠋ᠧᠮ E-Mongolia ᠍ ᠢᠶᠠᠷ ᠳᠠᠮᠵᠢᠭᠤᠯᠤᠨ ᠥᠨᠥᠳᠥᠷ ᠡᠴᠡ ᠡᠬᠢᠯᠡᠨ /2024.08.01/ ᠬᠦᠯᠢᠶᠡᠨ ᠠᠪᠴᠤ ᠡᠬᠢᠯᠡᠯ᠎ᠡ᠃
ᠴᠡᠴᠡᠷᠯᠢᠭ ᠦᠨ ᠪᠦᠷᠢᠳᠬᠡᠯ ᠦᠨ ᠬᠦᠰᠡᠯᠲᠡ ᠶᠢ ᠨᠠᠶᠢᠮᠠᠳᠤᠭᠠᠷ ᠰᠠᠷ᠎ᠠ ᠶᠢᠨ 01 ᠍ ᠦ ᠡᠳᠦᠷ ᠡᠴᠡ 18 ᠍ ᠦ ᠡᠳᠦᠷ ᠦᠳ ᠲᠦ ᠬᠦᠯᠢᠶᠡᠨ ᠠᠪᠬᠤ ᠪᠥᠭᠡᠳ ᠬᠦᠰᠡᠯᠲᠡ ᠶᠢ ᠵᠥᠪᠬᠡᠨ ᠴᠠᠬᠢᠮ ᠢᠶᠠᠷ ᠭᠠᠷᠭᠠᠬᠤ ᠪᠣᠯᠤᠮᠵᠢ ᠲᠠᠢ᠃
ᠴᠠᠬᠢᠮ ᠢᠶᠠᠷ ᠪᠥᠷᠢᠳᠬᠡᠭᠦᠯᠬᠦ ᠳᠦ ᠪᠡᠨ᠄
– E-Mongolia ᠲᠥᠷᠥ ᠶᠢᠨ ᠦᠢᠯᠡᠴᠢᠯᠡᠭᠡᠨ ᠦ ᠨᠢᠭᠡᠳᠦᠭᠰᠡᠨ ᠰᠢᠰᠲ᠋ᠧᠮ ᠷᠦᠦ ᠨᠡᠪᠲᠡᠷᠡᠨ ᠣᠷᠣᠨ᠎ᠠ᠃
– ᠣᠨᠴᠠᠯᠠᠬᠤ ᠦᠢᠯᠡᠴᠢᠯᠡᠭᠡᠨ ᠳᠡᠭᠡᠷ᠎ᠡ 《ᠨᠡᠶᠢᠰᠯᠡᠯ ᠦᠨ ᠴᠡᠴᠡᠷᠯᠢᠭ ᠲᠦ ᠬᠠᠮᠤᠷᠤᠭᠳᠠᠬᠤ ᠬᠦᠰᠡᠯᠲᠡ》 ᠭᠡᠰᠡᠨ ᠬᠡᠰᠡᠭ ᠭᠠᠷᠴᠤ ᠢᠷᠡᠬᠦ ᠳᠦ ᠬᠡᠦᠬᠡᠳ ᠦᠨ ᠢᠶᠡᠨ ᠮᠡᠳᠡᠭᠡᠯᠡᠯ ᠢ ᠣᠷᠣᠭᠤᠯᠤᠨ᠎ᠠ᠃
– ᠡᠮᠦᠨ᠎ᠡ ᠵᠢᠯ ᠴᠡᠴᠡᠷᠯᠢᠭ ᠲᠦ ᠬᠠᠮᠤᠷᠤᠭᠳᠠᠵᠤ ᠪᠠᠶᠢᠭᠰᠠᠨ ᠪᠦᠷᠢᠳᠬᠡᠯ ᠲᠡᠢ ᠪᠣᠯ ᠲᠤᠬᠠᠢ ᠶᠢᠨ ᠴᠡᠴᠡᠷᠯᠢᠭ ᠦᠨ ᠨᠡᠷ᠎ᠡ᠂ ᠳ᠋ᠤᠭᠠᠷ᠂ ᠳᠡᠭᠦᠷᠭᠡ ᠶᠢ ᠬᠠᠮᠲᠤ ᠰᠣᠩᠭᠣᠨ᠎ᠠ᠃
– ᠴᠡᠴᠡᠷᠯᠢᠭ ᠦᠨ ᠨᠡᠷ᠎ᠡ᠂ ᠳ᠋ᠤᠭᠠᠷ ᠬᠠᠷᠠᠭᠳᠠᠬᠤ ᠦᠭᠡᠢ ᠪᠣᠯ 《ᠰᠢᠨ᠎ᠡ ᠪᠡᠷ ᠡᠯᠰᠡᠬᠦ ᠬᠡᠦᠬᠡᠳ》 ᠭᠡᠵᠦ ᠣᠶᠢᠯᠠᠭᠠᠨ᠎ᠠ᠃
– ᠬᠡᠦᠬᠡᠳ ᠦᠨ ᠪᠦᠷᠢᠳᠬᠡᠯ ᠲᠡᠢ ᠬᠠᠶ᠋ᠢᠭ ᠢ ᠰᠣᠩᠭᠣᠨ᠎ᠠ᠃
– ᠴᠡᠴᠡᠷᠯᠢᠭ ᠲᠦ ᠬᠡᠦᠬᠡᠳ ᠢᠶᠡᠨ ᠬᠠᠮᠤᠷᠤᠭᠤᠯᠬᠤ ᠦᠭᠡᠢ ᠪᠣᠯ ᠰᠢᠯᠲᠠᠭᠠᠨ ᠢᠶᠠᠨ ᠰᠣᠩᠭᠣᠭᠠᠳ ᠬᠦᠰᠡᠯᠲᠡ ᠶᠢ ᠢᠯᠡᠭᠡᠨ᠎ᠡ᠃
– ᠬᠡᠦᠬᠡᠳ ᠢᠶᠡᠨ ᠪᠦᠷᠢᠳᠬᠡᠯ ᠲᠡᠢ ᠴᠡᠴᠡᠷᠯᠢᠭᠲᠦ ᠪᠡᠨ ᠦᠷᠭᠦᠯᠵᠢᠯᠡᠭᠦᠯᠦᠨ ᠰᠤᠷᠤᠯᠴᠠᠭᠤᠯᠬᠤ ᠪᠣᠯ 《ᠲᠠᠨ ᠤ ᠬᠦᠰᠡᠯᠲᠡ ᠶᠢ ᠬᠦᠯᠢᠶᠡᠨ ᠠᠪᠤᠯ᠎ᠠ》 ᠭᠡᠰᠡᠨ ᠮᠡᠳᠡᠭᠡᠯᠡᠯ ᠭᠠᠷᠴᠤ ᠢᠷᠡᠬᠦ ᠳᠦ ᠬᠦᠰᠡᠯᠲᠦ ᠪᠡᠨ ᠢᠯᠡᠭᠡᠬᠦ ᠪᠣᠯᠤᠮᠵᠢ ᠲᠠᠢ ᠪᠣᠯᠤᠨ᠎ᠠ᠃
– ᠪᠦᠷᠢᠳᠬᠡᠯᠲᠡᠢ ᠴᠡᠴᠡᠷᠯᠢᠭᠲᠦ ᠪᠡᠨ ᠬᠠᠮᠤᠷᠤᠭᠤᠯᠬᠤ ᠦᠭᠡᠢ᠂ ᠡᠰᠡᠪᠡᠯ ᠰᠢᠨ᠎ᠡ ᠪᠡᠷ ᠡᠯᠰᠡᠬᠦ ᠬᠡᠦᠬᠡᠳ 《ᠰᠢᠯᠵᠢᠯᠲᠡ ᠬᠥᠳᠡᠯᠭᠡᠭᠡᠨ ᠬᠢᠬᠦ ᠦᠭᠡᠢ》 ᠭᠡᠰᠡᠨ ᠲᠣᠬᠢᠶᠠᠯᠳᠤᠯ ᠳᠤ 《ᠲᠤᠬᠠᠢ ᠶᠢᠨ ᠬᠠᠶᠠᠭ ᠳᠡᠭᠡᠷ᠎ᠡ ᠬᠤᠪᠢᠶᠠᠷᠢᠯᠠᠯᠲᠠ ᠬᠢᠨ᠎ᠡ.》 ᠭᠡᠰᠡᠨ ᠮᠡᠳᠡᠭᠡᠯᠡᠯ ᠭᠠᠷᠴᠤ ᠢᠷᠡᠭᠰᠡᠨ ᠦ ᠳᠠᠷᠠᠭ᠎ᠠ 《ᠣᠶᠢᠯᠠᠭᠠᠯ᠎ᠠ》 ᠭᠡᠰᠡᠨ ᠲᠣᠪᠴᠢ ᠶᠢ ᠳᠠᠷᠤᠭᠰᠠᠨ ᠢᠶᠠᠷ ᠬᠦᠰᠡᠯᠲᠡ ᠢᠯᠡᠭᠡᠭᠳᠡᠨ᠎ᠡ᠃
– ᠪᠦᠷᠢᠳᠬᠡᠯᠲᠡᠢ ᠴᠡᠴᠡᠷᠯᠢᠭᠲᠦ ᠪᠡᠨ ᠬᠠᠮᠤᠷᠤᠭᠤᠯᠬᠤ ᠦᠭᠡᠢ᠂ ᠡᠰᠡᠪᠡᠯ ᠰᠢᠨ᠎ᠡ ᠪᠡᠷ ᠡᠯᠰᠡᠬᠦ ᠬᠡᠦᠬᠡᠳ 《ᠰᠢᠯᠵᠢᠯᠲᠡ ᠬᠥᠳᠡᠯᠭᠡᠭᠡᠨ ᠬᠢᠨ᠎ᠡ》 ᠭᠡᠰᠡᠨ ᠲᠣᠬᠢᠶᠠᠯᠳᠤᠯ ᠳᠤ 《 2024 ᠣᠨ ᠤ 08 ᠳ᠋ᠤᠭᠠᠷ ᠰᠠᠷ᠎ᠠ ᠶᠢᠨ 18 ᠍ ᠤ ᠡᠳᠦᠷ ᠦᠨ 17᠄00 ᠴᠠᠭ ᠠᠴᠠ ᠡᠮᠦᠨ᠎ᠡ ᠰᠢᠯᠵᠢᠯᠲᠡ ᠬᠥᠳᠡᠯᠭᠡᠭᠡᠨ ᠢᠶᠡᠨ ᠬᠢᠨ᠎ᠡ》 ᠭᠡᠰᠡᠨ ᠮᠡᠳᠡᠭᠡᠯᠡᠯ ᠭᠠᠷᠴᠤ ᠢᠷᠡᠭᠰᠡᠨ ᠦ ᠳᠠᠷᠠᠭ᠎ᠠ 《ᠣᠶᠢᠯᠠᠭᠠᠯ᠎ᠠ》 ᠭᠡᠰᠡᠨ ᠲᠣᠪᠴᠢ ᠶᠢ ᠳᠠᠷᠤᠭᠰᠠᠨ ᠢᠶᠠᠷ ᠬᠦᠰᠡᠯᠲᠡ ᠢᠯᠡᠭᠡᠭᠳᠡᠬᠦ ᠪᠣᠯᠤᠨ᠎ᠠ᠃
ᠡᠴᠢᠭᠡ ᠡᠬᠡ᠂ ᠠᠰᠠᠷᠠᠨ ᠬᠠᠮᠠᠭᠠᠯᠠᠭᠴᠢᠳ ᠲᠤ ᠲᠠᠯᠪᠢᠭᠳᠠᠬᠤ ᠱᠠᠭᠠᠷᠳᠠᠯᠭ᠎ᠠ᠄
– ᠣᠷᠣᠰᠢᠨ ᠰᠠᠭᠤᠭ᠎ᠠ ᠭᠠᠵᠠᠷ ᠲᠤ ᠪᠠᠨ ᠪᠦᠷᠢᠳᠬᠡᠯ ᠲᠡᠢ᠂ ᠪᠢᠴᠢᠭ ᠪᠠᠷᠢᠮᠲᠠ ᠶᠢᠨ ᠵᠥᠷᠢᠴᠡᠯ ᠦᠭᠡᠢ ᠪᠠᠶᠢᠬᠤ;
– ᠬᠠᠶᠠᠭ ᠳᠡᠭᠡᠷ᠎ᠡ ᠪᠡᠨ ᠲᠦᠷᠢ ᠣᠷᠣᠰᠢᠨ ᠰᠠᠭᠤᠭ᠎ᠠ ᠢᠷᠭᠡᠨ ᠴᠡᠴᠡᠷᠯᠢᠭ ᠲᠦ ᠬᠡᠦᠬᠡᠳ ᠢᠶᠡᠨ ᠬᠠᠮᠤᠷᠤᠭᠤᠯᠬᠤ ᠬᠦᠰᠡᠯᠲᠡ ᠶᠢ ᠴᠠᠬᠢᠮ ᠢᠶᠠᠷ ᠢᠯᠡᠭᠡᠬᠦ ᠶᠢᠨ ᠲᠤᠯᠠᠳᠠ ᠠᠮᠢᠳᠤᠷᠠᠵᠤ ᠪᠤᠢ ᠬᠣᠷᠢᠶ᠎ᠠ᠂ ᠳᠦᠭᠦᠷᠭᠡ ᠳᠦ ᠪᠡᠨ ᠪᠦᠷᠢᠳᠬᠡᠭᠦᠯᠵᠦ᠂ ᠤᠯᠤᠰ ᠤᠨ ᠪᠦᠷᠢᠳᠬᠡᠯ ᠦᠨ ᠬᠠᠶ᠋ᠢᠭ ᠢ ᠡᠯᠰᠡᠯᠲᠡ ᠵᠣᠬᠢᠶᠠᠨ ᠪᠠᠶᠢᠭᠤᠯᠬᠤ ᠬᠤᠭᠤᠴᠠᠭᠠᠨ ᠠᠴᠠ ᠡᠮᠦᠨ᠎ᠡ ᠰᠢᠯᠵᠢᠭᠦᠯᠦᠭᠰᠡᠨ ᠪᠠᠶᠢᠬᠤ;
– ᠴᠠᠬᠢᠮ ᠰᠢᠰᠲ᠋ᠧᠮ ᠳᠦ ᠪᠥᠷᠢᠳᠬᠡᠭᠦᠯᠬᠦ ᠪᠣᠯᠤᠮᠵᠢ ᠦᠭᠡᠢ ᠢᠷᠭᠡᠳ ᠪᠦᠷᠢᠳᠬᠡᠯ ᠦᠨ ᠬᠤᠭᠤᠴᠠᠭᠠᠨ ᠳᠤ ᠠᠵᠢᠯ ᠤᠨ ᠡᠳᠦᠷ᠂ ᠠᠵᠢᠯ ᠤᠨ ᠴᠠᠭ ᠢᠶᠠᠷ ᠲᠤᠬᠠᠢ ᠶᠢᠨ ᠳᠡᠭᠦᠷᠭᠡ ᠶᠢᠨ ᠣᠶᠢᠷ᠎ᠠ ᠪᠠᠶᠢᠷᠢᠯᠠᠬᠤ ᠲᠥᠷᠥ ᠶᠢᠨ ᠥᠮᠴᠢ ᠶᠢᠨ ᠴᠡᠴᠡᠷᠯᠢᠭ ᠦᠨ ᠳᠡᠮᠵᠢᠬᠦ ᠪᠠᠭ ᠲᠤ ᠬᠠᠨᠳᠤᠬᠤ;
– ᠴᠡᠴᠡᠷᠯᠢᠭ ᠦᠨ ᠵᠦᠭ ᠡᠴᠡ ᠲᠠᠯᠪᠢᠵᠤ ᠪᠤᠢ ᠬᠠᠤᠯᠢ ᠶᠣᠰᠣᠨ ᠤ ᠱᠠᠭᠠᠷᠳᠠᠯᠭ᠎ᠠ ᠶᠢ ᠪᠡᠶᠡᠯᠡᠭᠦᠯᠬᠦ᠃
ᠬᠡᠷᠪᠡ ᠲᠠ E-Mongolia ᠰᠢᠰᠲ᠋ᠧᠮ ᠢᠶᠡᠷ ᠳᠠᠮᠵᠢᠭᠤᠯᠤᠨ ᠴᠡᠴᠡᠷᠯᠢᠭ ᠦᠨ ᠪᠦᠷᠢᠳᠬᠡᠯ ᠦᠨ ᠬᠦᠰᠡᠯᠲᠡ ᠶᠠᠪᠤᠭᠤᠯᠬᠤ ᠪᠣᠯᠤᠮᠵᠢ ᠦᠭᠡᠢ ᠪᠠᠶᠢᠭ᠎ᠠ ᠲᠣᠬᠢᠶᠠᠯᠳᠤᠯ ᠳᠤ ᠬᠠᠷᠢᠶ᠎ᠠ ᠳᠡᠭᠦᠷᠭᠡ ᠶᠢᠨ ᠴᠡᠴᠡᠷᠯᠢᠭ ᠳᠡᠭᠡᠷ᠎ᠡ ᠠᠵᠢᠯᠯᠠᠵᠤ ᠪᠤᠢ ᠠᠵᠢᠯ ᠤᠨ ᠬᠡᠰᠡᠭ ᠲᠦ ᠬᠠᠨᠳᠤᠵᠤ ᠵᠥᠪᠯᠡᠭᠡ᠂ ᠳᠡᠮᠵᠢᠯᠭᠡ ᠠᠪᠬᠤ ᠶᠢ ᠵᠥᠪᠯᠡᠵᠦ ᠪᠠᠶᠢᠨ᠎ᠠ᠃

ᠨᠡᠶᠢᠲᠡᠯᠡᠭᠰᠡᠨ᠄