᠒᠐᠒᠔᠆ ᠒᠐᠒᠕ ᠣᠨ ᠤ᠋ ᢈᠢᠴᠢᠶᠡᠯ ᠦ᠋ᠨ ᠵᠢᠯ ᠳ᠋ᠦ ᠨᠡᠶᠢᠰᠯᠡᠯ ᠦ᠋ᠨ ᢈᠡᠮᠵᠢᠶ ᠡᠨ ᠳ᠋ᠦ ᠴᠡᠴᠡᠷᠯᠢᢉ ᠦ᠋ᠨ ᠨᠠᠰᠤᠨ ᠤ᠋ ᠑᠔᠒᠂᠑᠕᠐ ᢈᠡᠦᢈᠡᠳ ᠪᠠᠶᠢᠭᠠ ᠠ᠋ᠴᠠ ᠴᠡᠴᠡᠷᠯᠢᢉ ᠲᠦ ᠬᠠᠮᠤᠷᠤᠭᠳᠠᠬᠤ ᠪᠦᠷᠢᠳᢈᠡᠯ ᠦ᠋ᠨ ᠡᢈᠢᠨ ᠦ᠋ ᠱᠠᠲᠤᠨ ᠳ᠋ᠤ ᠑᠐᠔᠂᠔᠑᠕ ᢈᠡᠦᢈᠡᠳ ᠪᠤᠶᠤ ᠗᠓᠂᠒ ᠬᠤᠪᠢ ᠨᠢ ᠴᠠᢈᠢᠮ ᠢ᠋ᠶᠠᠷ ᢈᠦᠰᠡᠯᠲᠡ ᠪᠡᠨ ᠢᠯᠡᢉᠡᢉᠰᠡᠨ ᠪᠠᠶᠢᠨᠠ᠃ ᠴᠡᠴᠡᠷᠯᠢᢉ ᠲᠦ ᠬᠠᠮᠤᠷᠤᠭᠳᠠᠬᠤ ᠳ᠋ᠤ ᢈᠡᠦᢈᠡᠳ ᠦ᠋ᠳ ᠰᠢᢉᠡᠰᠦᠨ ᠦ᠋ ᠰᠢᠨᠵᠢᠯᠡᢉᠡ᠂ ᠴᠠᠭᠠᠨ ᠬᠣᠷᠤᠬᠠᠢ ᠶ᠋ᠢᠨ ᠰᠢᠨᠵᠢᠯᠡᢉᠡ ᠶ᠋ᠢ ᠵᠠᠶᠢᠯᠠᠰᠢ ᠦᢉᠡᠢ ᠥᢉᢉᠦᢉᠰᠡᠨ ᠪᠠᠶᠢᠬᠤ ᠱᠠᠭᠠᠷᠳᠠᠯᠭᠠ ᠲᠠᠢ ᠪᠠᠶᠢᠳᠠᠭ᠃ ᠤᠯᠤᠰ ᠤ᠋ᠨ ᠪᠣᠯᠤᠨ ᠬᠤᠪᠢ ᠶ᠋ᠢᠨ ᢈᠡᠪᠰᠢᠯ ᠦ᠋ᠨ ᠡᠷᠡᢉᠦᠯ ᠮᠡᠨᠳᠦ ᠶ᠋ᠢᠨ ᠳᠠᠭᠠᠳᠬᠠᠯ ᠲᠠᠢ ᠡᠮᠨᠡᠯᢉᠡ ᠨᠦ᠋ᢉᠦᠳ ᠲᠦ ᠥᢉᢉᠦᢉᠰᠡᠨ ᠴᠡᠴᠡᠷᠯᠢᢉ ᠦ᠋ᠨ ᠨᠠᠰᠤᠨ ᠤ᠋ ᢈᠡᠦᢈᠡᠳ ᠦ᠋ᠨ ᠤᠷᠢᠳᠴᠢᠯᠠᠨ ᠰᠡᠷᢉᠡᠶᠢᠯᠡᢈᠦ ᠴᠠᠭᠠᠨ ᠬᠣᠷᠤᠬᠠᠢ ᠪᠣᠯᠤᠨ ᠰᠢᢉᠡᠰᠦᠨ ᠦ᠋ ᠰᠢᠨᠵᠢᠯᠡᢉᠡᠨ ᠦ᠋ ᠬᠠᠷᠢᠭᠤ ᠪᠠᠨ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ E᠓᠆Mongolia᠆ ᠠ᠋ᠴᠠ ᠠᠪᠬᠤ ᠪᠣᠯᠤᠮᠵᠢ ᠲᠠᠢ ᠪᠣᠯᠤᠯᠤᠭᠠ᠃ ᠡᠴᠢᢉᠡ ᠡᢈᠡᠴᠦᠳ ᠲᠠ ᠪᠦᢈᠦᠨ “E᠓᠆Mongolia” ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠵᠦ “ᠡᠷᠡᢉᠦᠯ ᠮᠡᠨᠳᠦ ᠶ᠋ᠢᠨ ᠦᠶᠢᠯᠡᠴᠢᠯᠡᢉᠡ” ᠼᠧᠰᠧᠧ “ᠴᠡᠴᠡᠷᠯᠢᢉ ᠦ᠋ᠨ ᠰᠢᠨᠵᠢᠯᠡᢉᠡ” ᢉᠡᢉᠰᠡᠨ ᠦᠶᠢᠯᠡᠴᠢᠯᠡᢉᠡ ᠶ᠋ᠢ ᠰᠣᠩᠭᠤᠨ ᠵᠢᠭᠠᠪᠤᠷᠢ ᠶ᠋ᠢᠨ ᠳᠠᠭᠠᠭᠤ ᠦᠷᢉᠦᠯᠵᠢᠯᠡᢉᠦᠯᠦᢉᠰᠡᠨ ᠢ᠋ᠶᠡᠷ ᢈᠡᠦᢈᠡᠳ ᠦ᠋ᠨ ᠢ᠋ᠶᠡᠨ ᠰᠢᠨᠵᠢᠯᠡᢉᠡᠨ ᠦ᠋ ᠬᠠᠷᠢᠭᠤ ᠶ᠋ᠢ ᠠᠪᠬᠤ ᠶᠠᠭᠤᠮᠠ᠃ ᢈᠡᠷᠪᠡ ᠲᠠᠨ ᠤ᠋ ᢈᠡᠦᢈᠡᠳ ᠦ᠋ᠨ ᠰᠢᠨᠵᠢᠯᠡᢉᠡᠨ ᠦ᠋ ᠬᠠᠷᠢᠭᠤ ᠰᠢᠰᠲ᠋ᠧᠮ ᠳ᠋ᠦ ᠪᠦᠷᠢᠳᢈᠡᠯ ᠦᢉᠡᠢ ᠪᠠᠶᠢᠪᠠᠯ ᠰᠢᠨᠵᠢᠯᠡᢉᠡ ᠥᢉᢉᠦᢉᠰᠡᠨ ᠡᠷᠡᢉᠦᠯ ᠮᠡᠨᠳᠦ ᠶ᠋ᠢᠨ ᠪᠠᠶᠢᠭᠤᠯᠤᠯᠭᠠ ᠲᠤ ᠪᠠᠨ ᠬᠠᠨᠳᠤᠨᠠ ᠤ᠋ᠤ᠃
ᠴᠡᠴᠡᠷᠯᠢᢉ ᠦ᠋ᠨ ᠨᠠᠰᠤᠨ ᠤ᠋ ᢈᠡᠦᢈᠡᠳ ᠦ᠋ᠨ ᠢ᠋ᠶᠡᠨ ᠰᠢᠨᠵᠢᠯᠡᢉᠡᠨ ᠦ᠋ ᠬᠠᠷᠢᠭᠤ ᠶ᠋ᠢ E᠓᠆Mongolia ᠰᠢᠰᠲ᠋ᠧᠮ ᠡᠴᠡ ᠠᠪᠬᠤ ᠪᠣᠯᠤᠮᠵᠢ ᠲᠠᠢ ᠪᠣᠯᠤᠯᠤᠭᠠ
ᠨᠡᠶᠢᠲᠡᠯᠡᠭᠰᠡᠨ᠄