ᠴᠠᢈᠢᠮ ᢈᠥᢉᠵᠢᠯ᠂ ᠢᠨ᠋ ᠨᠣᠸᠠᠼ᠂ ᠬᠠᠷᠢᠯᠴᠠᠭᠠ ᠬᠣᠯᠪᠤᠭᠠᠨ ᠤ᠋ ᠶᠠᠮᠤ᠂ ᠵᠠᠶᠢᠻᠠ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭᠠ᠂ ᠮᠡᠳᠡᢉᠡᠯᠡᠯ᠂ ᠲᠧᠻᠨᠣᠯᠣᢉᠢ ᠶ᠋ᠢᠨ ᠦᠨᠳᠦᠰᠦᠨ ᠦ᠋ ᠫᠠᠷᠻ᠂ ᠨᠡᠶᠢᠰᠯᠡᠯ ᠦ᠋ᠨ ᠪᠢᠽᠢᠨᠧᠰ ᠢᠨᠨᠤᠸᠠᠼ ᠤ᠋ᠨ ᠭᠠᠵᠠᠷ᠂ ᠡᠷᠡᢉᠦᠯ ᠮᠡᠨᠳᠦ ᠶ᠋ᠢᠨ ᢈᠥᢉᠵᠢᠯ ᠦ᠋ᠨ ᠲᠥᠪ ᠬᠠᠮᠲᠤᠷᠠᠨ ᠵᠣᢈᠢᠶᠠᠨ ᠪᠠᠶᠢᠭᠤᠯᠵᠤ ᠪᠤᠢ ᠨᠡᢉᠡᢉᠡᠯᠲᠡ ᠲᠡᠢ ᠥᢉᢉᠦᢉᠳᠡᠯ ᠳ᠋ᠦ ᠲᠤᠯᠭᠠᠭᠤᠷᠢᠯᠠᠨ ᠡᠷᠡᢉᠦᠯ ᠮᠡᠨᠳᠦ ᠶ᠋ᠢᠨ ᠰᠠᠯᠪᠤᠷᠢ ᠶ᠋ᠢᠨ ᠠᠰᠠᠭᠤᠳᠠᠯ ᠢ᠋ ᠰᠢᠶᠢᠳᢈᠦ ᠲᠤᠷᠰᠢᠯᠲᠠ ᠶ᠋ᠢᠨ ᠵᠠᠭᠪᠤᠷ /ᠫᠷᠣᠲ᠋ᠣ᠋ᠲᠠᠢᠫ/ ᠪᠦᠲᠦᢉᠡᢈᠦ ᠵᠣᠷᠢᠯᠭᠠ ᠪᠦᢈᠦᠢ “ᠬᠠᠻᠠᠲ᠋ᠣᠨ ᠒᠐᠒᠔” ᠲᠡᠮᠡᠴᠡᢉᠡᠨ (᠒᠐᠒᠔᠂᠐᠙᠂᠐᠒) ᠡᢈᠢᠯᠡᠵᠦ ᠬᠣᠶᠠᠷ ᠳᠠᢈᠢ ᠡᠳᠦᠷ ᠢ᠋ᠶᠡᠨ ᠠᠮᠵᠢᠯᠲᠠᠲᠠᠢ ᠦᠷᢉᠦᠯᠵᠢᠯᠡᠵᠦ ᠪᠠᠶᠢᠨᠠ᠃ ᠣᠷᠤᠯᠴᠠᠭᠴᠢ ᠪᠠᠭ ᠤ᠋ᠳ ᠡᠷᠡᢉᠦᠯ ᠮᠡᠨᠳᠦ ᠶ᠋ᠢᠨ ᠰᠠᠯᠪᠤᠷᠢ ᠳ᠋ᠤ ᠲᠤᠯᠭᠠᠮᠳᠠᠵᠤ ᠪᠤᠢ ᠠᠰᠠᠭᠤᠳᠠᠯ ᠢ᠋ ᠰᠢᠢᠳᠪᠦᠷᠢᠯᠡᢈᠦ᠂ ᠲᠥᠷᠦ ᠶ᠋ᠢᠨ ᠦᠶᠢᠯᠡᠴᠢᠯᠡᢉᠡ ᠶ᠋ᠢ ᠰᠠᠶᠢᠵᠢᠷᠠᠭᠤᠯᠬᠤ ᠳ᠋ᠤ ᠬᠤᠪᠢ ᠨᠡᠮᠡᠷᠢ ᠪᠡᠨ ᠣᠷᠤᠭᠤᠯᠬᠤ ᠵᠣᠷᠢᠯᠭᠠ ᠪᠠᠷ ᠨᠡᢉᠡᢉᠡᠯᠲᠡ ᠲᠡᠢ ᠥᢉᢉᠦᢉᠳᠡᠯ ᠢ᠋ ᠠᠰᠢᠭᠯᠠᠨ ᠪᠢᠽᠢᠨᠧᠰ ᠦ᠋ᠨ ᠵᠠᠭᠪᠤᠷ ᠤ᠋ᠳ ᠢ᠋ ᠪᠣᠯᠪᠠᠰᠤᠷᠠᠭᠤᠯᠵᠤ᠂ ᠨᠡᢉᠡᢉᠡᠯᠲᠡ ᠲᠡᠢ ᠥᢉᢉᠦᢉᠳᠡᠯ ᠡᠴᠡ ᠭᠠᠳᠠᠨᠠ ᠪᠤᠰᠤᠳ ᠡᢈᠡ ᠰᠤᠷᠪᠤᠯᠵᠢ ᠠ᠋ᠴᠠ ᠣᠯᠵᠤ ᠠᠪᠬᠤ᠂ ᠠᠰᠢᠭᠯᠠᠬᠤ ᠶ᠋ᠢ ᠵᠥᠪᠰᠢᠶᠡᠷᠡᠳᠡᢉ ᠬᠣᠯᠪᠤᠭᠳᠠᠬᠤ ᠸᠧᠪ ᠥᢉᢉᠦᢉᠳᠡᠯ ᠪᠣᠯᠤᠨ API᠆ ᠭᠤᠳᠠ ᠲᠠᠢ ᠨᠢᢉᠡᠳᢈᠡᠨ ᠠᠰᠢᠭᠯᠠᠬᠤ ᠪᠣᠯᠤᠮᠵᠢ ᠲᠠᠢ ᠶᠠᠭᠤᠮᠠ᠃ ᠲᠡᠮᠡᠴᠡᢉᠡᠨ ᠳ᠋ᠦ ᠨᠡᠶᠢᠲᠡ ᠗ ᠪᠠᠭ ᠣᠷᠤᠯᠴᠠᠵᠤ ᠪᠠᠶᠢᠭᠠ ᠪᠥᢉᠡᠳ ᠪᠠᠭ ᠲᠤᠰ ᠪᠦᠷᠢ ᠡᠷᠡᢉᠦᠯ ᠮᠡᠨᠳᠦ ᠶ᠋ᠢᠨ ᠰᠠᠯᠪᠤᠷᠢ ᠳ᠋ᠤ ᢈᠡᠷᠡᢉᠵᠢᢉᠦᠯᢈᠦ ᠪᠡᠷ ᠰᠠᠨᠠᠭᠠᠴᠢᠯᠠᠵᠤ ᠪᠤᠢ ᠲᠥᠰᠦᠯ ᠦ᠋ᠨ ᢈᠦᠷᠢᠶ ᠡᠨ ᠳ᠋ᠦ “ᠢ᠆ ᠮᠣᠩᠭᠤᠯ ᠠᠻᠠᠳ᠋ᠧᠮᠢ” ᠤᠲᠤᠭ ᠤ᠋ᠨ ᠰᠠᠯᠪᠤᠷᠢ ᠳᠤᠮᠳᠠ ᠶ᠋ᠢᠨ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭᠠ ᠬᠤ᠃ᠡᠩᢈᠡᠮᠠᠩᠯᠠᠢ᠂ ᠰᠢᠰᠲ᠋ᠧᠮ ᠨᠢᢉᠡᠳᢈᠡᠯ ᠦ᠋ᠨ ᠭᠠᠵᠠᠷ ᠤ᠋ᠨ ᠰᠢᠰᠲ᠋ᠧᠮ ᠠᠰᠢᠭᠯᠠᠯᠲᠠ ᠶ᠋ᠢᠨ ᢈᠡᠯᠲᠡᠰ ᠦ᠋ᠨ ᠳᠠᠷᠤᠭᠠ ᠪ᠃ᠡᠷᠳᠡᠨᠢᠪᠠᠶᠠᠷ ᠨᠠᠷᠠ ᠵᠥᠪᠯᠡᢉᠡ ᠮᠡᠳᠡᢉᠡᠯᠡᠯ ᠥᢉᠪᠡ᠃
OPEN DATA HACKATHON” ᠲᠡᠮᠡᠴᠡᢉᠡᠨ ᠦᠷᢉᠦᠯᠵᠢᠯᠡᠵᠦ ᠪᠠᠶᠢᠨᠠ

ᠨᠡᠶᠢᠲᠡᠯᠡᠭᠰᠡᠨ᠄