“ᠢ᠆ ᠮᠣᠩᠭᠤᠯ ᠠᠻᠠᠳ᠋ᠧᠮᠢ” ᠤᠲᠤᠭ᠂ ᠡᠷᠡᢉᠦᠯ ᠮᠡᠨᠳᠦ ᠶ᠋ᠢᠨ ᠶᠠᠮᠤ᠂ ᠴᠠᢈᠢᠮ ᢈᠥᢉᠵᠢᠯ᠂ ᠢᠨ᠋ ᠨᠣᠸᠠᠼ᠂ ᠬᠠᠷᠢᠯᠴᠠᠭᠠ ᠬᠣᠯᠪᠤᠭᠠᠨ ᠤ᠋ ᠶᠠᠮᠤ᠂ ᠰᠠᠩᢈᠦᠦ ᠶ᠋ᠢᠨ ᠮᠡᠳᠡᢉᠡᠯᠡᠯ ᠦ᠋ᠨ ᠲᠧᠻᠨᠣᠯᠣᢉᠢ ᠶ᠋ᠢᠨ ᠲᠥᠪ᠂ ᠡᠷᠡᢉᠦᠯ ᠮᠡᠨᠳᠦ ᠶ᠋ᠢᠨ ᢈᠥᢉᠵᠢᠯ ᠦ᠋ᠨ ᠲᠥᠪ ᠦ᠋ᠨ ᠡᠰ᠂ ᠡᠳ᠋᠂ ᠡᠷᢈᠡᠲᠡᠨ ᠢ᠋ ᠰᠢᠯᠵᠢᢉᠦᠯᠦᠨ ᠰᠠᠭᠤᠯᠭᠠᠬᠤ ᠦᠶᠢᠯᠡ ᠠᠵᠢᠯᠯᠠᠭᠠ ᠶ᠋ᠢ ᠵᠣᢈᠢᠴᠠᠭᠤᠯᠬᠤ ᠠᠯᠪᠠ ᠲᠠᠢ ᠬᠠᠮᠲᠤᠷᠠᠨ ᠳ᠋ᠣᠨᠤᠷ ᠪᠣᠯᠬᠤ ᢈᠦᠰᠡᠯᠲᠡ ᠪᠡᠨ ᠢᠯᠡᢉᠡᢈᠦ ᠦᠶᠢᠯᠡᠴᠢᠯᠡᢉᠡ ᠶ᠋ᠢ ᠴᠠᢈᠢᠮᠵᠢᠭᠤᠯᠵᠤ “E᠓᠆Mongolia” ᠰᠢᠰᠲ᠋ᠧᠮ ᠢ᠋ᠶᠡᠷ ᢈᠦᠰᠡᠯᠲᠡ ᠪᠡᠨ ᠢᠯᠡᢉᠡᢈᠦ ᠪᠣᠯᠤᠮᠵᠢ ᠲᠠᠢ ᠪᠣᠯᠤᠯᠠ᠃
ᠡᠷᠡᢉᠦᠯ ᠮᠡᠨᠳᠦ ᠶ᠋ᠢᠨ ᢈᠥᢉᠵᠢᠯ ᠦ᠋ᠨ ᠲᠥᠪ ᠦ᠋ᠨ ᠡᠰ᠂ ᠡᠳ᠋᠂ ᠡᠷᢈᠡᠲᠡᠨ ᠢ᠋ ᠰᠢᠯᠵᠢᢉᠦᠯᠦᠨ ᠰᠠᠭᠤᠯᠭᠠᠬᠤ ᠦᠶᠢᠯᠡ ᠠᠵᠢᠯᠯᠠᠭᠠ ᠶ᠋ᠢ ᠵᠣᢈᠢᠴᠠᠭᠤᠯᠬᠤ ᠠᠯᠪᠠ ᠨᠢ ᠠᠮᠢ ᠦᢉᠡᠢ ᠳᠣᠨᠤᠷ ᠠ᠋ᠴᠠ ᠡᠷᢈᠡᠲᠡᠨ᠂ ᠡᠳ᠋᠂ ᠡᠰ ᠰᠢᠯᠵᠢᢉᠦᠯᠦᠨ ᠰᠠᠭᠤᠯᠭᠠᠬᠤ ᠡᠮᠴᠢᠯᠡᢉᠡ ᠶ᠋ᠢ ᠥᠷᢉᠡᠵᠢᢉᠦᠯᠦᠨ ᢈᠥᢉᠵᠢᢉᠦᠯᢈᠦ᠂ ᠢᠷᢉᠡᠳ ᠣᠯᠠᠨ ᠨᠡᠶᠢᠲᠡ ᠳ᠋ᠦ ᠡᠰ᠂ ᠡᠳ᠋᠂ ᠡᠷᢈᠡᠲᠡᠨ ᠦ᠋ ᠳ᠋ᠣᠨᠤᠷ ᠤ᠋ᠨ ᠲᠠᠯᠠᠭᠠᠷ ᠲᠠᠨᠢᠭᠤᠯᠤᠨ ᠣᠶᠢᠯᠠᠭᠠᠭᠤᠯᠬᠤ᠂ ᠨᠥᠯᠦᢉᠡᠯᠡᠯ ᠦ᠋ᠨ ᠦᠢᠯᠡ ᠠᠵᠢᠯᠯᠠᠭᠠ ᠶ᠋ᠢ ᠥᠷᠨᠢᢉᠦᠯᢈᠦ᠂ ᠡᠮᠴᠢ᠂ ᠡᠮᠨᠡᠯᢉᠡ ᠶ᠋ᠢᠨ ᠮᠡᠷᢉᠡᠵᠢᠯᠲᠡᠨ ᠦ᠋ ᠰᠤᠷᠭᠠᠯᠲᠠ᠂ ᠮᠡᠷᢉᠡᠵᠢᠯ ᠳᠡᢉᠡᢉᠰᠢᠯᠡᢉᠦᠯᢈᠦ ᠦᠢᠯᠡ ᠠᠵᠢᠯᠯᠠᠭᠠ ᠶ᠋ᠢ ᠳᠡᠮᠵᠢᢈᠦ᠂ ᠡᠷᢈᠡᠲᠡᠨᠡ ᠂ ᠡᠳ᠋ ᠂ ᠡᠰ ᠰᠢᠯᠵᠢᢉᠦᠯᠦᠨ ᠰᠠᠭᠤᠯᠭᠠᠬᠤ ᠡᠮᠴᠢᠯᠡᢉᠡᠨ ᠦ᠋ ᠦᠷᠡ ᠳ᠋ᠦᠩ ᠳ᠋ᠦᠩᠨᠡᢈᠦ᠂ ᢈᠢᠨᠠᠯᠲᠠ ᠲᠠᠯᠪᠢᠬᠤ᠂ ᠡᠨᠡ ᢈᠦ ᠦᠶᠢᠯᠡ ᠠᠵᠢᠯᠯᠠᠭᠠ ᠨᠤᠭᠤᠳ ᠲᠠᠢ ᠬᠣᠯᠪᠤᠭᠳᠠᠬᠤ ᠨᠢᢉᠡᠳᠦᢉᠰᠡᠨ ᠪᠦᠷᠢᠳᢈᠡᠯ ᠮᠡᠳᠡᢉᠡᠯᠡᠯ ᠦ᠋ᠨ ᠰᠠᠩ ᠢ᠋ ᢈᠥᢉᠵᠢᢉᠦᠯᠦᠨ ᠠᠵᠢᠯᠯᠠᠭᠤᠯᠬᠤ ᠂ ᠢᠷᢉᠡᠳ ᠲᠦ ᠵᠥᠪᠯᠡᢉᠡ ᠥᢉᢈᠦ ᠵᠡᠷᢉᠡ ᠠᠵᠢᠯ ᠤ᠋ᠳ ᠢ᠋ ᠬᠠᠷᠢᠭᠤᠴᠠᠨ ᠠᠵᠢᠯᠯᠠᠵᠤ ᠪᠠᠶᠢᠨᠠ᠃
ᠮᠣᠩᠭᠤᠯ ᠤᠯᠤᠰ ᠲᠤ ᠠᠮᠢᠨ ᠴᠢᠬᠤᠯᠠ ᠡᠷᢈᠡᠲᠡᠨ ᠨᠦ᠋ᢉᠦᠳ ᠦ᠋ᠨ ᠡᠮᢉᠡᢉ ᠡᠪᠡᠳᠴᠢᠨ ᠲᠡᠢ ᠲᠡᢉᠦᠨ ᠦ᠋ ᠲᠡᢉᠦᠰᢈᠡᠯ ᠦ᠋ᠨ ᠦᠶᠡ ᠱᠠᠲᠤᠨ ᠳ᠋ᠤ ᠣᠷᠤᠭᠰᠠᠨ ᠡᠷᢈᠡᠲᠡᠨ ᠰᠢᠯᠵᠢᢉᠦᠯᠦᠨ ᠰᠠᠭᠤᠯᠭᠠᠬᠤ ᠡᠮᠴᠢᠯᠡᢉᠡᠨ ᠳ᠋ᠦ ᠣᠷᠤᠬᠤ ᠱᠠᠭᠠᠷᠳᠠᠯᠭᠠ ᠲᠠᠢ ᢈᠦᠮᠦᠰ ᠨᠡᠯᠢᠶᠡᠳ ᠦᢉᠡᠢ ᠪᠠᠶᠢᠭᠠ ᠪᠥᢉᠡᠳ ᠡᠪᠡᠳᠴᠢᠨ ᠡᠴᠡ ᠳᠤᠷᠠᠳᠪᠠᠯ:
– ᠡᠯᠢᢉᠡᠨ ᠦ᠋ B᠂ᠹ᠂C᠂ᠹ᠂D ᠸᠢᠷᠦᠰ ᠦ᠋ᠨ ᠰᠢᠯᠲᠠᠭᠠᠨᠲᠤ ᠡᠯᠢᢉᠡᠨ ᠦ᠋ ᠬᠠᠲᠠᠭᠤᠷᠠᠯ᠂
– ᠡᠯᠢᢉᠡᠨ ᠦ᠋ ᠬᠠᠪᠤᠳᠠᠷ᠂
– ᠪᠥᢉᠡᠷ ᠡᠨ ᠦ᠋ ᠠᠷᠬᠠᠭ ᠦᠷᠪᠢᠰᠦᠯ᠂ ᠪᠥᢉᠡᠷ ᠡᠨ ᠦ᠋ ᠳᠤᠲᠠᠭᠳᠠᠯ᠂
– ᠵᠢᠷᠦᢈᠡ ᠰᠤᠳᠠᠰᠤᠨ ᠤ᠋ ᠠᠷᠬᠠᠭ ᠡᠪᠡᠳᠴᠢᠨ᠂ ᠵᠢᠷᠦᢈᠡᠨ ᠦ᠋ ᠳᠤᠲᠠᠭᠳᠠᠯ
– ᠨᠣᠶᠢᠷ ᠪᠤᠯᠴᠢᠷᠬᠠᠢ ᠶ᠋ᠢᠨ ᠡᠪᠡᠳᠴᠢᠨ ᠲᠡᠢ ᢉᠡᢈᠦ ᠮᠡᠲᠦ…
ᠡᠳᠡᢉᠡᠷ ᠡᠪᠡᠳᠴᠢᠨ ᠦ᠋ ᠤᠯᠠᠮ ᠠ᠋ᠴᠠ ᠡᠷᢈᠡᠲᠡᠨ ᠰᠢᠯᠵᠢᢉᠦᠯᠦᠨ ᠰᠠᠭᠤᠯᠭᠠᠬᠤ ᠡᠮᠴᠢᠯᠡᢉᠡ ᢈᠢᠯᢉᠡᢈᠦ ᠱᠠᠭᠠᠷᠳᠠᠯᠭᠠ ᠲᠠᠢ ᠪᠣᠯᠪᠠᠴᠤ ᢉᠡᠷ ᠪᠦᠯᠢ ᠶ᠋ᠢᠨ ᢉᠡᠰᠢᢉᠦᠳ ᠡᠴᠡ ᠠᠮᠢᠳᠤ ᠳᠣᠨᠤᠷ ᠪᠣᠯᠬᠤ ᢈᠦᠮᠦᠨ ᠦᢉᠡᠢ ᠪᠥᢉᠡᠳ ᠠᠮᠢ ᠦᢉᠡᠢ ᠳᠣᠨᠤᠷ ᠠ᠋ᠴᠠ ᠡᠷᢈᠡᠲᠡᠨ ᠰᠢᠯᠵᠢᢉᠦᠯᠦᠨ ᠰᠠᠭᠤᠯᠭᠠᠬᠤ ᠡᠮᠴᠢᠯᠡᢉᠡᠨ ᠦ᠋ ᢈᠦᠯᠢᠶᠡᢈᠦ ᠵᠢᠭᠰᠠᠭᠠᠯᠲᠠ ᠳ᠋ᠤ ᠪᠦᠷᠢᠳᢈᠡᢉᠳᠡᠨ ᢈᠦᠯᠢᠶᠡᠵᠦ ᠪᠤᠢ ᠑᠕᠐᠐ ᠭᠠᠷᠤᠢ ᢈᠦᠮᠦᠨ ᠪᠠᠶᠢᠭᠠ ᠪᠥᢉᠡᠳ ᠡᢉᠦᠨ ᠡᠴᠡ ᠴᠤ ᠣᠯᠠᠨ ᢈᠦᠮᠦᠨ ᠪᠦᠷᠢᠳᢈᠡᢉᠳᠡᢈᠦ ᠮᠠᠭᠠᠳᠯᠠᠯ ᠲᠠᠢ ᠪᠠᠶᠢᠨᠠ᠃ ᠣᠳᠤ ᠶ᠋ᠢᠨ ᠪᠠᠶᠢᠳᠠᠯ ᠢ᠋ᠶᠠᠷ ᠳᠣᠨᠤᠷ ᠪᠣᠯᠬᠤ ᢈᠦᠮᠦᠨ ᠦ᠋ ᠬᠣᠮᠰᠠᠳᠠᠯ ᠲᠠᠢ ᠪᠠᠶᠢᠨᠠ᠃
ᠳᠣᠨᠤᠷ ᠪᠣᠯᠬᠤ ᢈᠦᠰᠡᠯᠲᠡ ᠪᠡᠨ ᠢᠯᠡᢉᠡᢈᠦ ᠶ᠋ᠢᠨ ᠲᠤᠯᠠᠳᠠ E᠓᠆Mongolia ᠰᠢᠰᠲ᠋ᠧᠮ ᠤᠷᠤᠭᠤ ᠨᠡᠪᠲᠡᠷᠡᠨ ᠣᠷᠤᠵᠤ ᠦᠢᠯᠡᠴᠢᠯᠡᢉᠡ ᠬᠠᠶᠢᠬᠤ ᢈᠡᠰᠡᢉ ᠡᠴᠡ ᠳᠣᠨᠤᠷ ᠤ᠋ᠨ ᠵᠥᠪᠰᠢᠶᠡᠷᠡᠯ ᠦ᠋ᠨ ᢈᠦᠰᠡᠯᠲᠡ ᠦᠶᠢᠯᠡᠴᠢᠯᠡᢉᠡ ᠶ᠋ᠢ ᠰᠣᠩᠭᠤᠨ ᠥᠪᠡᠷ ᠦ᠋ᠨ ᠮᠡᠳᠡᢉᠡᠯᠡᠯ ᠢ᠋ ᠪᠥᢉᠯᠡᠨ ᢈᠦᠰᠡᠯᠲᠡ ᠪᠡᠨ ᠢᠯᠡᢉᠡᢉᠡᠷᠡᠢ᠃
ᠳᠣᠨᠤᠷ ᠪᠣᠯᠬᠤ ᢈᠦᠰᠡᠯᠲᠡ ᠪᠡᠨ “E᠓᠆Mongolia” ᠰᠢᠰᠲ᠋ᠧᠮ ᠢ᠋ᠶᠡᠷ ᠢᠯᠡᢉᠡᢈᠦ ᠪᠣᠯᠤᠮᠵᠢ ᠲᠠᠢ ᠪᠣᠯᠤᠯᠠ
ᠨᠡᠶᠢᠲᠡᠯᠡᠭᠰᠡᠨ᠄