ᠴᠠᢈᠢᠮ ᠵᠠᠰᠠᠭᠯᠠᠯ ᠤ᠋ᠨ ᢈᠥᢉᠵᠢᠯ ᠦ᠋ᠨ ᠢᠨᠳᠧᠻᠰ ᠨᠢ (EGDI) ᠨᠢᠪᠦ ᠶᠠᠭᠤᠨ ᢉᠡᠰᠢᢉᠦᠨ ᠣᠷᠤᠨ ᠨᠤᠭᠤᠳ ᠤ᠋ᠨ ᠴᠠᢈᠢᠮ ᠵᠠᠰᠠᠭᠯᠠᠯ ᠤ᠋ᠨ ᢈᠥᢉᠵᠢᠯ ᠦ᠋ᠨ ᠲᠥᠯᠦᠪ ᠪᠠᠶᠢᠳᠠᠯ ᠢ᠋ ᠬᠠᠷᠠᠭᠤᠯᠳᠠᠭ ᠪᠥᢉᠡᠳ ᠲᠤᠬᠠᠢ ᠶ᠋ᠢᠨ ᠤᠯᠤᠰ ᠣᠷᠤᠨ ᠤ᠋ ᠴᠠᢈᠢᠮ ᢈᠥᢉᠵᠢᠯ ᠦ᠋ᠨ ᢈᠡᠪ ᠮᠠᠶ᠋ᠢᠭ ᠤ᠋ᠨ ᠦᠨᠡᠯᠡᢉᠡ᠂ ᠳᠡᠳ᠋ ᠪᠦᠲᠦᠴᠡ᠂ ᠪᠣᠯᠪᠠᠰᠤᠷᠠᠯ ᠤ᠋ᠨ ᠲᠦᠪᠰᠢᠨ ᠵᠡᠷᢉᠡ ᠰᠢᠨᠵᠢ ᠴᠢᠨᠠᠷ ᠤ᠋ᠳ ᠢ᠋ ᠲᠤᠰᠬᠠᠵᠤ᠂ ᠢᠷᢉᠡᠳ ᠦ᠋ᠨ ᢈᠦᠷᠲᠡᢉᠡᠮᠵᠢ᠂ ᠣᠷᠤᠯᠴᠠᠭᠠ ᠶ᠋ᠢ ᠳᠡᠮᠵᠢᢈᠦ ᠶ᠋ᠢᠨ ᠲᠤᠯᠠᠳᠠ ᠮᠡᠳᠡᢉᠡᠯᠡᠯ ᠦ᠋ᠨ ᠲᠧᠻᠨᠤᠯᠤᢉᠢ ᠶ᠋ᠢ ᢈᠡᠷᢈᠢᠨ ᠠᠰᠢᠭᠯᠠᠵᠤ ᠪᠠᠶᠢᠭᠠ ᠶ᠋ᠢ ᠲᠤᠰᠬᠠᠳᠠᠭ᠃
ᠨᠦᠪᠰ ᠠᠴᠠ ᠬᠣᠶᠠᠷ ᠵᠢᠯ ᠲᠤᠲᠤᠮ ᠳ᠋ᠤ “ᠴᠠᢈᠢᠮ ᠵᠠᠰᠠᠭᠯᠠᠯ ᠤ᠋ᠨ ᢈᠥᢉᠵᠢᠯ ᠦ᠋ᠨ ᠢᠨᠳᠧᠻᠰ”᠆ ᠶ᠋ᠢ ᠰᠢᠨᠡᠴᠢᠯᠡᠨ ᠭᠠᠷᠭᠠᠳᠠᠭ᠃ ᠮᠣᠩᠭᠣᠯ ᠤᠯᠤᠰ ᠤ᠋ᠨ ᠬᠤᠪᠢ ᠳ᠋ᠤ ᠡᠮᠦᠨᠡ ᠨᠢ ᠨᠦᠪᠰ ᠤᠨ ᢉᠡᠰᠢᢉᠦᠨ ᠑᠙᠓ ᠣᠷᠤᠨ ᠠ᠋ᠴᠠ ᠒᠐᠑᠘᠂ ᠒᠐᠒᠐ ᠣᠨ ᠳ᠋ᠤ ᠙᠒ ᠷ ᠪᠠᠶᠢᠷᠢ ᠳ᠋ᠤ᠂ ᠒᠐᠒᠒ ᠣᠨ ᠳ᠋ᠤ ᠗᠔ ᠳ᠋ᠦ᠋ᢉᠡᠷ ᠪᠠᠶᠢᠷᠢ ᠳ᠋ᠤ ᠡᠷᠢᠮᠪᠡᠯᠡᢉᠳᠡᢉᠰᠡᠨ᠃ ᠒᠐᠒᠔ ᠣᠨ ᠤ᠋ ᠪᠠᠶᠢᠳᠠᠯ ᠢ᠋ᠶᠠᠷ ᠒᠘ ᠪᠠᠶᠢᠷᠢ ᠪᠠᠷ ᠤᠷᠤᠭᠰᠢᠯᠠᠵᠤ ᠔᠖ ᠳ᠋ᠤᠭᠠᠷ ᠪᠠᠶᠢᠷᠢ ᠳ᠋ᠤ ᠣᠷᠤᠵᠡᠢ᠃᠃ ᠴᠠᢈᠢᠮ ᠦᠶᠢᠯᠡᠴᠢᠯᠡᢉᠡᠨ ᠦ᠋ ᠢᠨᠳᠧᠻᠰ (Online service index) ᠒᠐᠒᠐ ᠣᠨ ᠳ᠋ᠤ ᠐᠂᠕᠒᠙᠔ ᠪᠣᠯ ᠒᠐᠒᠒ ᠣᠨ ᠳ᠋ᠤ ᠐᠂᠖᠒᠖᠓᠂ ᠒᠐᠒᠔ ᠣᠨ ᠳ᠋ᠤ ᠐᠂᠘᠒᠒᠒ ᠪᠣᠯᠵᠤ ᠣᠭᠴᠤᠮ ᠥᠰᠦᢉᠡᠳ ᠪᠠᠶᠢᠨᠠ᠃
ᠡᠨᠡ ᢈᠦ ᠢᠨᠳᠧᠻᠰ ᠢ᠋ ᠨᠢᢉᠡ ᠵᠢᠯ ᠭᠠᠷᠤᠢ ᠶ᠋ᠢᠨ ᠬᠤᠭᠤᠴᠠᠭᠠᠨ ᠳ᠋ᠤ ᢈᠥᠨᠳᠡᠯᠡᠨ ᠦ᠋ ᠪᠠᠭ ᠰᠤᠳᠤᠯᠵᠤ᠂ ᠭᠠᠷᠭᠠᠳᠠᠭ ᠪᠥᢉᠡᠳ ᠤᠯᠤᠰ ᠣᠷᠤᠨ ᠨᠤᠭᠤᠳ ᠤ᠋ᠨ ᠬᠠᠷᠢᠯᠴᠠᠭᠠ ᠬᠣᠯᠪᠤᠭᠠᠨ ᠤ᠋ ᠳᠡᠳ᠋ ᠪᠦᠲᠦᠴᠡ ᠶ᠋ᠢᠨ ᢈᠥᢉᠵᠢᠯ᠂ ᠲᠥᠷᠦ ᠶ᠋ᠢᠨ ᠴᠠᢈᠢᠮ ᠦᠢᠯᠡᠴᠢᠯᠡᢉᠡᠨ ᠦ᠋ ᠲᠣᠭᠠ᠂ ᠢᠷᢉᠡᠳ ᠦ᠋ᠨ ᠴᠠᢈᠢᠮ ᠤᠷᠠ ᠴᠢᠳᠠᠪᠤᠷᠢ ᠶ᠋ᠢᠨ ᠦᠵᠡᢉᠦᠯᠦᠯᠲᠡ᠂ ᢈᠦᠮᠦᠨ ᠦ᠋ ᠨᠥᢉᠡᠴᠡ ᠶ᠋ᠢᠨ ᢈᠥᢉᠵᠢᠯ᠂ ᠢᠷᢉᠡᠳ ᠦ᠋ᠨ ᠴᠠᢈᠢᠮ ᠣᠷᠤᠯᠴᠠᠭᠠ᠂ ᠬᠠᠤᠯᠢ ᠡᠷᢈᠡ ᠵᠦᠢ ᠶ᠋ᠢᠨ ᠣᠷᠴᠢᠨ᠂ ᠲᠤᠬᠠᠢ ᠶ᠋ᠢᠨ ᠤᠯᠤᠰ ᠤ᠋ᠨ ᠤᠷᠲᠤ ᠬᠤᠭᠤᠴᠠᠭᠠᠨ ᠤ᠋ ᠪᠣᠳᠤᠯᠭᠠ᠂ ᠳ᠋ᠢᠵᠢᠲ᠋ᠠᠯ ᢈᠥᢉᠵᠢᠯ ᠦ᠋ᠨ ᠪᠣᠳᠤᠯᠭᠠ᠂ ᠰᠲ᠋ᠷᠠᠲ᠋ᠧᢉᠢ᠂ ᠢᠯᠡ ᠲᠣᠳᠤ ᠨᠡᢉᠡᢉᠡᠯᠲᠡ ᠲᠡᠢ ᠪᠠᠶᠢᠳᠠᠯ ᠵᠡᠷᢉᠡ ᢈᠦᠴᠦᠨ ᠵᠦᠶᠢᠯ ᠦ᠋ᠳ ᠢ᠋ ᠬᠠᠷᠠᠭᠠᠯᠵᠠᠨ ᠦᠵᠡᠳᠡᢉ ᠶᠠᠭᠤᠮᠠ᠃
ᠰᠡᢉᠦᠯ ᠦ᠋ᠨ ᠒ ᠵᠢᠯ ᠳ᠋ᠦ E᠓᠆Mongolia ᠲᠥᠷᠦ ᠶ᠋ᠢᠨ ᠦᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ ᠢ᠋ ᢈᠡᠷᠡᢉᠯᠡᠵᠦ ᠢᠷᠡᢉᠰᠡᠨ᠂ ᠴᠠᢈᠢᠮ ᠵᠠᠰᠠᠭᠯᠠᠯ ᠢ᠋ ᠳᠡᠮᠵᠢᠵᠦ ᠪᠤᠢ ᠢᠷᢉᠡᠳ ᠲᠠ ᠪᠦᢈᠦᠨ ᠳ᠋ᠦ ᠪᠡᠨ ᠪᠠᠶᠠᠷᠯᠠᠯᠤᠭᠠ᠃ ᠮᠥᠨ ᠰᠢᠨᠡ ᠲᠧᠻᠨᠣᠯᠣᢉᠢ ᠢᠨ᠋ ᠨᠣᠸᠠᠼ ᠵᠣᠭᠰᠤᠯᠲᠠ ᠦᢉᠡᠢ ᠨᠡᠪᠲᠡᠷᠡᢉᠦᠯᠦᢉᠰᠡᢉᠡᠷ ᠢᠷᠡᢉᠰᠡᠨ ᠰᠠᠯᠪᠤᠷᠢ ᠶ᠋ᠢᠨ ᢈᠢᠨ ᠳ᠋ᠤ ᠪᠠᠨ ᠪᠠᠶᠠᠷ ᢈᠦᠷᢉᠡᠶᠡ!