ᠣᠯᠠᠨ ᠤᠯᠤᠰ ᠤ᠋ᠨ ᠠᠬᠠᠮᠠᠳ ᠤ᠋ᠨ ᠡᠳᠦᠷ ᠦ᠋ᠨ ᢈᠦᠷᠢᠶᠡᠨ ᠳ᠋ᠦ ᢉᠡᠷ ᠪᠦᠯᠢ᠂ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤ (ᢉᠪᠬᠤᠨᢈᠢᠶᠠ)᠂ ᠮᠣᠩᠭᠤᠯ ᠤ᠋ᠨ ᠠᠬᠠᠮᠠᠳ ᠤ᠋ᠨ ᠬᠣᠯᠪᠤᠭᠠ (ᠮᠢᠬᠠᠬᠤ) ᠬᠠᠮᠲᠤᠷᠠᠨ ᠠᠬᠠᠮᠠᠳ ᠤ᠋ᠨ ᠪᠠᠶᠢᠭᠤᠯᠤᠯᠭᠠ ᠶ᠋ᠢᠨ ᠤᠳᠤᠷᠢᠳᠬᠤ ᠠᠵᠢᠯᠲᠠᠨ ᠤ᠋ ᠵᠥᠪᠯᠡᢉᠡᠨ ᠢ᠋ ᠒᠐᠒᠔ ᠣᠨ ᠤ᠋ ᠐᠙ ᠰᠠᠷᠠ ᠶ᠋ᠢᠨ ᠒᠓᠂ ᠒᠔ ᠵᠣᢈᠢᠶᠠᠨ ᠪᠠᠶᠢᠭᠤᠯᠤᠯᠠ᠃
ᠲᠤᠰᠠ ᠵᠥᠪᠯᠡᢉᠡᠨ ᠢ᠋ᠶᠡᠷ ᠠᠬᠠᠮᠠᠳ ᠨᠠᠰᠤᠲᠠᠨ ᠳ᠋ᠤ ᠦᠵᠡᢉᠦᠯᢈᠦ ᢈᠥᠩᢉᠡᠯᠡᠯᠲᠡ ᠦᠶᠢᠯᠡᠴᠢᠯᠡᢉᠡ ᠪᠣᠯᠤᠨ ᠠᠬᠠᠮᠠᠳ ᠤ᠋ᠨ ᢈᠥᠳᠡᠯᠮᠦᠷᠢ ᠡᠷᢈᠢᠯᠡᠯᠲᠡ ᠶ᠋ᠢᠨ ᠲᠠᠯᠠᠭᠠᠷ ᠲᠥᠷᠦ ᠡᠴᠡ ᢈᠡᠷᠡᢉᠵᠢᢉᠦᠯᠵᠦ ᠪᠤᠢ ᠪᠣᠳᠤᠯᠭᠠ᠂ ᠠᠷᠭᠠ ᢈᠡᠮᠵᠢᠶᠡ᠂ ᠠᠬᠠᠮᠠᠳ ᠤ᠋ᠳ ᠤ᠋ᠨ ᠴᠠᢈᠢᠮ ᠤᠷᠠ ᠴᠢᠳᠠᠪᠤᠷᠢ ᠶ᠋ᠢ ᠰᠠᠶᠢᠵᠢᠷᠠᠭᠤᠯᠬᠤ᠂ ᠠᠴᠢ ᠬᠣᠯᠪᠤᠭᠳᠠᠯ ᠤ᠋ᠨ ᠲᠠᠯᠠᠭᠠᠷ ᠮᠡᠳᠡᢉᠡ ᠮᠡᠳᠡᢉᠡᠯᠡᠯ ᠢ᠋ ᠬᠣᠯᠪᠤᠭᠳᠠᠬᠤ ᠪᠠᠶᠢᠭᠤᠯᠤᠯᠭᠠ ᠨᠤᠭᠤᠳ ᠥᠷᠯᠦᢉᠡ᠃
ᠦᠶᠢᠯᠡ ᠠᠵᠢᠯᠯᠠᠭᠠᠨ ᠤ᠋ ᢈᠦᠷᠢᠶ ᠡᠨ ᠳ᠋ᠦ “ᠢ᠆ ᠮᠣᠩᠭᠤᠯ ᠠᠻᠠᠳ᠋ᠧᠮᠢ” ᠤᠲᠤᠭ ᠤ᠋ᠨ ᠴᠠᢈᠢᠮ ᠤᠷᠠ ᠴᠢᠳᠠᠪᠤᠷᠢ ᠶ᠋ᠢᠨ ᠭᠠᠵᠠᠷ ᠤ᠋ᠨ ᠳᠠᠷᠤᠭᠠ ᠭ᠃ᠥᠨᠢᠷᠴᠡᠴᠡᢉ ᠵᠣᠴᠢᠨ ᠢᠯᠡᠳᢈᠡᢉᠴᠢ ᠪᠡᠷ ᠣᠷᠤᠯᠴᠠᠵᠤ “ᠢ᠆ ᠮᠣᠩᠭᠤᠯ ᠠᠻᠠᠳ᠋ᠧᠮᠢ” ᠤᠳᠬᠠ ᠆ ᠨ᠋ ᠰᠤᠷᠭᠠᠯᠲᠠ᠂ ᠦᠢᠯᠡ ᠠᠵᠢᠯᠯᠠᠭᠠ ᠪᠣᠯᠤᠨ ᠨᠦᠪ ᠆ ᠶ᠋ᠢᠨ ᢈᠥᢉᠵᠢᠯ ᠦ᠋ᠨ ᢈᠥᠲᠦᠯᠪᠦᠷᠢ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠤ᠋ᠨ ᠬᠣᠭᠤᠷᠤᠨᠳᠤ ᠪᠠᠶᠢᠭᠤᠯᠤᠭᠰᠠᠨ ᢉᠡᠷᠡ ᠶ᠋ᠢᠨ ᠳᠠᠭᠠᠭᠤ ᠴᠠᢈᠢᠮ ᠮᠣᠩᠭᠣᠯ᠂ ᠴᠠᢈᠢᠮ ᠵᠠᠰᠠᠭᠯᠠᠯ ᢈᠥᢉᠵᠢᢉᠦᠯᢈᠦ ᢈᠥᠲᠦᠯᠪᠦᠷᠢ ᠶ᠋ᠢᠨ ᢈᠦᠷᠢᠶ ᠡᠨ ᠳ᠋ᠦ ᠠᠬᠠᠮᠠᠳ ᠨᠠᠰᠤᠲᠠᠨ ᠤ᠋ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠳ᠋ᠦ ᠳᠡᠮᠵᠢᠯᢉᠡ ᠦᠵᠡᢉᠦᠯᢈᠦ ᠲᠥᠰᠦᠯ ᠦ᠋ᠨ ᠲᠠᠯᠠᠭᠠᠷ ᠢᠯᠡᠳᢈᠡᠯ ᠲᠠᠯᠪᠢᠵᠤ᠂ ᠵᠥᠪᠯᠡᢉᠡ ᠥᢉᠴᠦ ᠠᠵᠢᠯᠯᠠᠯᠠ᠃
ᠠᠬᠠᠮᠠᠳ ᠨᠠᠰᠤ ᠲᠠᠢ ᠢᠷᢉᠡᠳ (ᠠᠨᠢ)ᠰᠤ ᠶ᠋ᠢᠨ ᠴᠠᢈᠢᠮ ᢈᠦᠷᠲᠡᢉᠡᠮᠵᠢ᠂ ᠤᠷᠠ ᠴᠢᠳᠠᠪᠤᠷᠢ ᠣᠷᢈᠢᠭᠳᠠᠵᠤ ᠪᠣᠯᠬᠤ ᠦᢉᠡᠢ ᠠᠰᠠᠭᠤᠳᠠᠯ ᠤ᠋ᠨ ᠨᠢᢉᠡ ᠪᠥᢉᠡᠳ ᠲᠤᠰᠠ ᠢᠯᠡᠳᢈᠡᠯ ᠳ᠋ᠦ ᠠᠬᠠᠮᠠᠳ ᠨᠠᠰᠤ ᠲᠠᠢ ᠢᠷᢉᠡᠳ ᠦ᠋ᠨ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠰᠤᠷᠭᠠᠯᠲᠠ᠂ ᠦᠶᠢᠯᠡ ᠠᠵᠢᠯᠯᠠᠭᠠ ᠪᠠᠨ ᠲᠡᢉᠰᠢ ᢈᠦᠷᠲᠡᢉᠡᠮᠵᠢ ᠲᠡᠢ ᢈᠦᠷᢈᠡᢈᠦ ᠲᠠᠯᠠᠭᠠᠷ ᠲᠤᠰᠬᠠᠪᠠ᠃
ᠠᠬᠠᠮᠠᠳ ᠨᠠᠰᠤᠲᠠᠢ ᠢᠷᢉᠡᠳ ᠦ᠋ᠨ ᠬᠤᠪᠢ ᠳ᠋ᠤ ᠴᠠᢈᠢᠮ ᢈᠡᠷᠡᢉᠯᠡᢉᠡ ᠲᠡᠳᠦᠶᠢᠯᠡᠨ ᠥᠷᢉᠡᠨ᠂ ᠶᠡᢈᠡ ᠪᠢᠰᠢ ᢈᠡᠳᠦᠢ ᠴᠤ ᠴᠠᢈᠢᠮ ᠤᠷᠠ ᠴᠢᠳᠠᠪᠤᠷᠢ ᠪᠠᠨ ᠨᠡᠮᠡᢉᠳᠡᢉᠦᠯᢈᠦ ᠰᠣᠨᠢᠷᠬᠠᠯᠲᠠᠢ ᠠᠬᠠᠮᠠᠳ ᠤ᠋ᠳ ᠤ᠋ᠨ ᠬᠤᠪᠢ ᠳ᠋ᠤ ᠴᠠᠭᠠᠰᠢᠳᠠ ᠭᠠᠷ ᠤᠲᠠᠰᠤᠨ ᠤ᠋ ᠲᠣᢈᠢᠷᠠᠭᠠ ᠶ᠋ᠢ ᠥᠪᠡᠷᠰᠡᠳ ᠢ᠋ᠶᠡᠨ ᠪᠦᠷᠢᠨ ᠠᠵᠢᠯᠯᠠᠭᠤᠯᠵᠤ ᠰᠤᠷᠬᠤ᠂ ᠲᠥᠷᠦ ᠶ᠋ᠢᠨ ᠦᠢᠯᠡᠴᠢᠯᠡᢉᠡ ᠶ᠋ᠢ ᠴᠠᢈᠢᠮ ᠢ᠋ᠶᠠᠷ ᠠᠪᠬᠤ᠂ ᢈᠡᠷᠡᢉᠴᠡᢉᠡ ᠲᠡᠢ ᠠᠫᠫᠯᠢᠻᠧᠶᠢᠱᠢᠨ ᠢ᠋ᠶᠡᠨ ᠲᠠᠲᠠᠵᠤ᠂ ᠠᠵᠢᠯᠯᠠᠭᠤᠯᠵᠤ ᠰᠤᠷᠬᠤ ᠵᠡᠷᢉᠡ ᠨᠢ ᠴᠢᠬᠤᠯᠠ᠂ ᠠᠴᠢ ᠬᠣᠯᠪᠤᠭᠳᠠᠯ ᠲᠠᠢ᠂ ᢈᠡᠷᠡᢉᠴᠡᢉᠡ ᠲᠡᠢ ᠪᠠᠶᠢᠭᠠ ᠶᠠᠭᠤᠮᠠ᠃
ᠤᠴᠢᠷ ᠨᠢ ᠭᠠᠷ ᠤᠲᠠᠰᠤ ᠲᠠᠢ ᠬᠣᠯᠪᠤᠭᠠᠲᠠᠢ ᠠᠰᠠᠭᠤᠳᠠᠯ᠂ ᠢᠨ᠋ᠲ᠋ᠧᠷᠨᠧᠲ ᠦ᠋ᠨ ᠠᠰᠠᠭᠤᠳᠠᠯ᠂ ᠴᠠᢈᠢᠮ ᠬᠠᠶᠢᠭ ᠤᠳᠤᠷᠢᠳᠬᠤ ᠲᠠᠢ ᠬᠣᠯᠪᠤᠭᠠ ᠲᠠᠢ ᠠᠰᠠᠭᠤᠳᠠᠯ ᠵᠡᠷᢉᠡ ᠪᠡᠨ ᠶᠡᢈᠡᠪᠴᠢᠯᠡᠨ ᢈᠡᠦᢈᠡᠳ ᠦ᠋ᠳ ᠡᠴᠡ ᠪᠡᠨ ᠠᠰᠠᠭᠤᠬᠤ᠂ ᠠᠰᠠᠭᠠᠵᠤ ᠤᠨᠲᠠᠷᠠᠭᠠᠬᠤ ᠦᠢᠯᠡᠳᠦᠯ ᢈᠢᢈᠦ᠂ ᠰᠠᠯᠪᠤᠷᠢ ᠳᠡᢉᠡᠷᠡ ᠣᠴᠢᠬᠤ ᠵᠡᠷᢉᠡ ᠪᠡᠷ ᠯᠠ ᠰᠢᠶᠢᠳᠳᠡᢉ ᠤᠴᠢᠷ ᠠᠬᠠᠮᠠᠳ ᠨᠠᠰᠤ ᠲᠠᠢ ᠢᠷᢉᠡᠳ ᠦ᠋ᠨ ᠬᠤᠪᠢ ᠳ᠋ᠤ ᠳᠡᢉᠡᠷᠡ ᠳᠤᠷᠠᠳᠤᠭᠰᠠᠨ ᠴᠠᢈᠢᠮ ᠤᠷᠠ ᠴᠢᠳᠠᠪᠤᠷᠢ ᠶ᠋ᠢᠨ ᢈᠡᠷᠡᢉᠴᠡᢉᠡᠨ ᠳ᠋ᠦ ᠪᠡᠨ ᠵᠣᠷᠢᠭᠤᠯᠤᠭᠰᠠᠨ ᠰᠤᠷᠭᠠᠯᠲᠠ ᠳ᠋ᠤ ᠬᠠᠮᠤᠷᠤᠭᠳᠠᠬᠤ ᠰᠣᠨᠢᠷᠬᠠᠯ ᠲᠠᠢ ᠪᠠᠶᠢᠭᠠ ᠶ᠋ᠢ ᠢᠯᠡᠳᢈᠡᠯ ᠳ᠋ᠦ ᠪᠡᠨ ᠳᠤᠷᠠᠳᠤᠯ ᠢ᠋ᠶᠠᠨ᠃
ᠴᠠᠭᠠᠰᠢᠳᠠ ᠮᠣᠩᠭᠣᠯ ᠤ᠋ᠨ ᠠᠬᠠᠮᠠᠳ ᠤ᠋ᠨ ᠬᠣᠯᠪᠤᠭᠠ ᠲᠠᠢ ᠬᠠᠮᠲᠤᠷᠠᠨ ᠠᠵᠢᠯᠯᠠᠬᠤ ᠳ᠋ᠤ ᠰᠠᠯᠪᠤᠷᠢ ᠬᠣᠭᠤᠷᠤᠨᠳᠤ ᠶ᠋ᠢᠨ ᠤᠶᠠᠯᠳᠤᠭᠠ ᠬᠣᠯᠪᠤᠭᠠ ᠶ᠋ᠢ ᠰᠠᠶᠢᠵᠢᠷᠠᠭᠤᠯᠬᠤ ᠶ᠋ᠢ ᠣᠨᠴᠠᠯᠠᠪᠠ᠃