ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᠒᠐᠑᠙ ᠣᠨ ᠳ᠋ᠤ E᠓᠆Mongolia ᠲᠥᠰᠦᠯ ᠢ᠋ ᠰᠠᠨᠠᠭᠠᠴᠢᠯᠠᠨ ᢈᠡᠷᠡᢉᠵᠢᢉᠦᠯᠵᠦ ᠒᠐᠒᠐ ᠣᠨ ᠤ᠋ ᠑᠐ ᠳ᠋ᠤᠭᠠᠷ ᠰᠠᠷᠠ ᠶ᠋ᠢᠨ ᠑᠆ ᠶ᠋ᠢᠨ ᠡᠳᠦᠷ ᠡᠴᠡ ᠠᠯᠪᠠᠨ ᠶᠣᠰᠤᠭᠠᠷ ᠢᠷᢉᠡᠳ ᠦ᠋ᠨ ᠬᠠᠮᠤᠭ ᠤ᠋ᠨ ᠶᠡᢈᠡ ᠠᠪᠳᠠᠭ ᠒᠓ ᠪᠠᠶᠢᠭᠤᠯᠤᠯᠭᠠ ᠶ᠋ᠢᠨ ᠑᠘᠑ ᠦᠢᠯᠡᠴᠢᠯᠡᢉᠡ ᠶ᠋ᠢ ᠭᠠᠷ ᠤᠲᠠᠰᠤᠨ ᠠ᠋ᠴᠠ ᠪᠠᠨ ᠠᠪᠬᠤ ᠪᠣᠯᠤᠮᠵᠢ ᠶ᠋ᠢ ᠪᠦᠷᠢᠳᠦᢉᠦᠯᠦᢉᠰᠡᠨ ᠰᠢᠰᠲ᠋ᠧᠮ ᠢ᠋ ᠲᠠᠨᠢᠯᠴᠠᠭᠤᠯᠵᠤ ᠪᠠᠶᠢᠭᠰᠠᠨ ᠪᠣᠯ ᠔ ᠵᠢᠯ ᠦ᠋ᠨ ᠬᠤᠭᠤᠴᠠᠭᠠᠨ ᠳ᠋ᠤ ᠘᠖ ᠪᠠᠶᠢᠭᠤᠯᠤᠯᠭᠠ ᠶ᠋ᠢᠨ ᠑᠒᠕᠒ ᠦᠢᠯᠡᠴᠢᠯᠡᢉᠡ ᠶ᠋ᠢ ᠴᠠᢈᠢᠮ ᠢ᠋ᠶᠠᠷ ᠠᠪᠬᠤ ᠪᠣᠯᠤᠮᠵᠢ ᠲᠠᠢ ᠪᠣᠯᠵᠤ ᠥᠷᢉᠡᠵᠢᢉᠡᠳ ᠪᠠᠶᠢᠨᠠ᠃
E᠓᠆Mongolia ᠲᠥᠰᠦᠯ ᠥᠩᢉᠡᠷᠡᢉᠰᠡᠨ ᠳᠥᠷᠪᠡᠨ ᠵᠢᠯ ᠦ᠋ᠨ ᠬᠤᠭᠤᠴᠠᠭᠠᠨ ᠳ᠋ᠤ ᠵᠢᠯ ᠪᠦᠷᠢ ᠢᠷᢉᠡᠳ ᠲᠦ ᠰᠢᠨᠡᠴᠢᠯᠡᢉᠰᠡᠨ ᠬᠤᠪᠢᠯᠪᠤᠷᠢ ᠨᠤᠭᠤᠳ ᠢ᠋ᠶᠠᠨ ᠲᠠᠨᠢᠯᠴᠠᠭᠤᠯᠳᠠᠭ᠃ ᠡᠨᠡ ᠣᠨ ᠤ᠋ ᠐᠕ ᠳ᠋ᠤᠭᠠᠷ ᠰᠠᠷᠠ ᠶ᠋ᠢᠨ ᠐᠗᠑ ᠶ᠋ᠢᠨ ᠡᠳᠦᠷ ᢈᠢᠮᠡᠯ ᠣᠶᠤᠨ ᠳ᠋ᠤ ᠰᠠᠭᠤᠷᠢᠯᠠᠭᠰᠠᠨ᠂ ᠢᠷᢉᠡᠨ ᠢ᠋ᠶᠡᠨ ᠬᠠᠮᠠᠭᠠᠯᠠᠳᠠᠭ E᠓᠆Mongolia ᠔᠂ ᠬᠤᠪᠢᠯᠪᠤᠷᠢ ᠪᠠᠨ ᠲᠠᠨᠢᠯᠴᠠᠭᠤᠯᠤᠭᠰᠠᠨ ᠪᠢᠯᠡ᠃ ᠥᠩᢉᠡᠷᠡᢉᠰᠡᠨ ᠬᠤᠭᠤᠴᠠᠭᠠᠨ ᠳ᠋ᠤ ᠪᠢᠳᠡ ᠪᠦᢈᠦᠨ ᠦ᠋ ᠨᠡᠪᠲᠡᠷᠡᢉᠦᠯᠦᢉᠰᠡᠨ ᠣᠨᠴᠠᠯᠠᠬᠤ ᠦᠶᠢᠯᠡᠴᠢᠯᠡᢉᠡ ᠶ᠋ᠢ ᠳᠤᠷᠠᠳᠪᠠᠯ᠃
ᠡᠷᠡᢉᠦᠯ ᠮᠡᠨᠳᠦ ᠶ᠋ᠢᠨ ᠦᠶᠢᠯᠡᠴᠢᠯᠡᢉᠡ ᠶ᠋ᠢ ᠴᠠᢈᠢᠮᠵᠢᠭᠤᠯᠬᠤ ᠠᠵᠢᠯ ᠤ᠋ᠨ ᢈᠦᠷᠢᠶ ᠡᠨ ᠳ᠋ᠦ E᠓᠆Mongolia ᠔᠂ ᠬᠤᠪᠢᠯᠪᠤᠷᠢ ᠪᠠᠷ ᠡᠷᠡᢉᠦᠯ ᠮᠡᠨᠳᠦ ᠶ᠋ᠢᠨ ᠴᠣᠭᠴᠠ ᠦᠶᠢᠯᠡᠴᠢᠯᠡᢉᠡ ᠶ᠋ᠢ ᠨᠡᠪᠲᠡᠷᠡᢉᠦᠯᠦᢉᠰᠡᠨ᠃
ᠪᠢᠽᠢᠨᠧᠰ ᠰᠠᠯᠪᠤᠷᠢ ᠶ᠋ᠢᠨ ᠦᠶᠢᠯᠡᠴᠢᠯᠡᢉᠡ ᠶ᠋ᠢ ᠴᠣᠭᠴᠠᠯᠠᠭᠠᠭᠰᠠᠨ E᠓᠆Business ᠰᠢᠰᠲ᠋ᠧᠮ ᠢ᠋ ᠨᠡᢉᠡᢉᠡᠵᠦ ᠬᠠᠤᠯᠢ ᠶ᠋ᠢᠨ ᠡᠲᠡᢉᠡᠳ ᠡᢉᠦᠰᢈᠡᠨ ᠪᠠᠶᠢᠭᠤᠯᠬᠤ ᠠ᠋ᠴᠠ ᠡᢈᠢᠯᠡᢉᠡᠳ ᠲᠠᠲᠠᠨ ᠪᠠᠭᠤᠯᠭᠠᠬᠤ ᢈᠦᠷᠲᠡᠯᠡ ᠪᠦᢈᠦ ᠱᠠᠲᠤ ᠶ᠋ᠢ ᠴᠠᢈᠢᠮᠵᠢᠭᠤᠯᠵᠤ᠂ ᠪᠦᢈᠦ ᠲᠥᠷᠦᠯ ᠦ᠋ᠨ ᠲᠤᠰᠬᠠᠢ ᠵᠥᠪᠰᠢᠶᠡᠷᠡᠯ ᢈᠦᠰᠡᢈᠦ᠂ ᠰᠤᠩᠭᠠᠬᠤ ᠰᠢᠢᠳᠦᠯ ᠦ᠋ᠳ ᠢ᠋ ᠨᠢᢉᠡ ᠳᠣᠣᠷᠠ ᠠ᠋ᠴᠠ ᠠᠪᠬᠤ ᠪᠣᠯᠤᠮᠵᠢ ᠶ᠋ᠢ ᠪᠦᠷᠢᠳᠦᢉᠦᠯᠦᢉᠰᠡᠨ᠃
ᠣᠶᠤᠲᠠᠨ ᠵᠠᠯᠠᠭᠤᠴᠤᠤᠯ ᠢ᠋ ᠳᠡᠮᠵᠢᢈᠦ ᠠᠵᠢᠯ ᠤ᠋ᠨ ᢈᠦᠷᠢᠶ ᠡᠨ ᠳ᠋ᠦ ᠣᠶᠤᠲᠠᠨ ᠲᠠᠨ ᠳ᠋ᠤ ᠼᠧᠰᠧ ᠪᠣᠯᠤᠨ ᠣᠶᠤᠲᠠᠨ ᠤ᠋ ᠴᠠᢈᠢᠮ ᠻᠠᠷᠲ ᠢ᠋ ᠴᠠᢈᠢᠮ ᠢ᠋ᠶᠠᠷ ᠠᠪᠬᠤ ᠪᠣᠯᠤᠮᠵᠢ ᠶ᠋ᠢ ᠪᠤᠢ ᠪᠣᠯᠭᠠᠵᠤ ᠵᠠᠯᠠᠭᠤᠴᠤᠤᠯ ᠳ᠋ᠤᠷ ᠵᠣᠷᠢᠭᠤᠯᠤᠭᠰᠠᠨ ᠦᠶᠢᠯᠡᠴᠢᠯᠡᢉᠡ ᠶ᠋ᠢ ᠰᠠᠨᠠᠯ ᠪᠣᠯᠭᠠᠳᠠᠭ ᠪᠣᠯᠤᠭᠰᠠᠨ᠃
ᢈᠡᠦᢈᠡᠳ ᠬᠠᠮᠠᠭᠠᠯᠠᠯ ᠤ᠋ᠨ ᠴᠢᢉᠯᠡᠯ ᠢ᠋ᠶᠡᠷ E᠓᠆Kids ᠼᠧᠰᠧ ᠶ᠋ᠢ ᠨᠡᠮᠡᢉᠰᠡᠨ ᠢ᠋ᠶᠡᠷ ᢈᠡᠦᢈᠡᠳ ᠦ᠋ᠳ ᠰᠤᠷᠭᠠᠭᠤᠯᠢ ᠳ᠋ᠤ ᠪᠠᠨ ᠢᠷᠡᢉᠰᠡᠨ᠂ ᢉᠡᠷ ᠲᠦ ᠪᠡᠨ ᠬᠠᠷᠢᠭᠰᠠᠨ ᠢ᠋ᠶᠠᠨ ᠭᠠᠭᠴᠠᠬᠠᠨ ᠲᠣᠪᠴᠢᠯᠠᠭᠤᠷ ᠠᠰᠢᠭᠯᠠᠨ ᠡᠵᠢ ᠠᠪᠤ ᠳ᠋ᠤ ᠪᠠᠨ ᠮᠡᠳᠡᢉᠳᠡᠯ ᠶᠠᠪᠤᠭᠤᠯᠬᠤ ᠪᠣᠯᠤᠮᠵᠢ ᠲᠠᠢ ᠲᠡᠳᠦᠢ ᠦᢉᠡᠢ ᠥᠪᠡᠷ ᠦ᠋ᠨ ᠪᠠᠶᠢᠭᠠ ᠭᠠᠵᠠᠷ ᠤ᠋ᠨ ᠢ᠋ᠶᠠᠨ ᠓ ᠦᢉᠡ ᠳ᠋ᠦ ᠬᠠᠶ᠋ᠢᠭ ᠢ᠋ ᠢᠯᠡᢉᠡᢈᠦ᠂ ᠴᠠᢈᠢᠮ ᠭᠠᠳᠠᠭᠤᠷᠬᠠᠯ᠂ ᢉᠡᠮᠲᠦ ᢈᠡᠷᠡᢉ ᠦ᠋ᠨ ᠰᠢᠨᠵᠢ ᠲᠡᠢ ᠲᠣᢈᠢᠶᠠᠯᠳᠤᠯ ᠢᠯᠡᠷᠡᠪᠡᠯ ᠴᠠᠭᠳᠠᠭᠠ ᠶ᠋ᠢᠨ ᠶᠡᠷᠦᠩᢈᠡᠢ ᠭᠠᠵᠠᠷ ᠲᠤ ᠵᠢᠷᠤᠭ ᠤ᠋ᠨ ᠬᠠᠮᠲᠤ ᠮᠡᠳᠡᢉᠡᠯᠡᠯ ᠰᠢᠭᠤᠳ ᠢᠯᠡᢉᠡᢈᠦ ᠪᠣᠯᠤᠮᠵᠢ ᠶ᠋ᠢ ᠪᠤᠢ ᠪᠣᠯᠭᠠᠭᠰᠠᠨ᠃
ᠢᠷᢉᠡᠳ ᠲᠦ ᠤᠴᠠᠷᠠᠵᠤ ᠪᠣᠯᠵᠤᠰᠢ ᠦᢉᠡᠢ ᠡᠷᠦᠰᠳᠡᠯ ᠡᠴᠡ ᠤᠷᠢᠳᠴᠢᠯᠠᠨ ᠰᠡᠷᢉᠡᠶᠢᠯᠡᢈᠦ᠂ ᠵᠥᠪᠯᠡᢉᠡ ᠮᠡᠳᠡᢉᠡᠯᠡᠯ ᠥᢉᢈᠦ ᠴᠢᢉᠯᠡᠯ ᠢ᠋ᠶᠡᠷ ᠦᠶᠡᠷ ᠤᠰᠤᠨ ᠤ᠋ ᠮᠡᠳᠡᢉᠳᠡᠯ᠂ ᠤᠭᠠᠷ ᠤ᠋ᠨ ᢈᠡᠢ ᠶ᠋ᠢᠨ ᠮᠡᠳᠡᠷᠡᢉᠴᠢ ᠶ᠋ᠢᠨ ᠮᠡᠳᠡᢉᠡᠯᠡᠯ ᠢ᠋ ᠤᠬᠠᠭᠠᠯᠢᠭ ᠮᠡᠳᠡᢉᠳᠡᠯ ᢈᠦᠷᢈᠡᢈᠦ ᠰᠢᠰᠲ᠋ᠧᠮ ᠦ᠋ᠨ ᠲᠤᠰᠠᠯᠠᠮᠵᠢ ᠲᠠᠢ ᢈᠦᠷᢈᠡᠳᠡᢉ ᠪᠣᠯᠤᠯᠤᠭᠠ᠃
E᠓᠆Mongolia ᠰᠢᠰᠲ᠋ᠧᠮ ᠢ᠋ ᢈᠡᠷᠡᢉᠯᠡᠵᠦ ᠪᠤᠢ ᢈᠦᠮᠦᠨ ᠪᠦᢈᠦᠨ ᠦ᠋ ᢈᠡᠷᠡᢉᠯᠡᢉᠡᠨ ᠦ᠋ ᠣᠨᠴᠠᠯᠢᠭ ᠲᠤ ᠵᠣᠷᠢᠭᠤᠯᠤᠨ ᠣᠯᠠᠨ ᠤᠯᠤᠰ ᠤ᠋ᠨ WCAG ᠰᠲ᠋ᠠᠨᠳᠠᠷᠲ ᠢ᠋ ᠪᠦᠷᠢᠨ ᠨᠡᠪᠲᠡᠷᠡᢉᠦᠯᠦᢉᠰᠡᠨ ᠡᢈᠢᠨ ᠦ᠋ ᠰᠢᠰᠲ᠋ᠧᠮ ᠪᠣᠯᠤᠯᠤᠭᠠ᠃ ᠮᠥᠨ ᠥᠪᠡᠷ ᠦ᠋ᠨ ᠠᠪᠬᠤ ᠦᠢᠯᠡᠴᠢᠯᠡᢉᠡ ᠪᠡᠨ ᠳᠠᠭᠤ ᠬᠣᠭᠤᠯᠠᠢ ᠪᠠᠨ ᠠᠰᠢᠭᠯᠠᠨ ᠬᠠᠶᠢᠬᠤ ᠪᠣᠯᠤᠮᠵᠢ ᠶ᠋ᠢ ᢈᠢᠮᠡᠯ ᠣᠶᠤᠨ ᠳ᠋ᠤ ᠲᠤᠯᠭᠠᠭᠤᠷᠢᠯᠠᠨ ᠪᠤᠢ ᠪᠣᠯᠭᠠᠭᠰᠠᠨ ᠢ᠋ᠶᠠᠷ ᢈᠦᠷᠲᠡᢉᠡᠮᠵᠢᠲᠡᠢ ᠪᠠᠶᠢᠳᠠᠯ ᠢ᠋ ᠨᠡᠮᠡᢉᠳᠡᢉᠦᠯᠵᠦ ᠪᠠᠶᠢᠭᠠ ᠲᠡᠳᠦᠢ ᠦᢉᠡᠢ ᠬᠠᠷᠠᠭᠠᠨ ᠤ᠋ ᠪᠡᠷᢈᠡᠰᠢᠶᠡᠯ ᠲᠡᠢ ᠢᠷᢉᠡᠳ ᠲᠦ ᠵᠣᠷᠢᠭᠤᠯᠤᠭᠰᠠᠨ ᠪᠤᠶᠤ ᠥᠩᢉᠡᠨ ᠦ᠋ ᠻᠣᠳ᠂ ᠠᠦᠳᠢᠤ ᠬᠤᠪᠢᠯᠪᠤᠷᠢ ᠲᠠᠢ ᠪᠣᠯᠤᠭᠰᠠᠨ᠃ ᠮᠥᠨ ᠢᠷᢉᠡᠳ ᠲᠦ ᠠᠰᠢᠭᠯᠠᠬᠤ ᠳ᠋ᠤ ᢈᠢᠯᠪᠠᠷ᠂ ᠵᠠᠷᠤᠳᠠᠯ ᠦᢉᠡᠢ ᠪᠣᠯᠭᠠᠬᠤ ᠵᠣᠷᠢᠯᠭᠠ ᠪᠠᠷ ᠡᢉᠦᠷ ᠦ᠋ᠨ ᠬᠣᠯᠪᠤᠭᠠᠨ ᠤ᠋ ᠦᠶᠢᠯᠡᠴᠢᠯᠡᢉᠡ ᠡᠷᢈᠢᠯᠡᢉᠴᠢᠳ ᠦ᠋ᠨ ᠳᠡᠮᠵᠢᠯᢉᠡ ᠲᠡᠢ ᠪᠡᠷ ᠳ᠋ᠠᠲ᠋ᠠ ᠦᠨᠡ ᠲᠥᠯᠦᠪᠦᠷᠢ ᠦᢉᠡᠢ ᠪᠣᠯᠤᠭᠰᠠᠨ ᠨᠢ ᠢᠯᠡᢉᠦᠦ ᢈᠦᠷᠲᠡᢉᠡᠮᠵᠢ ᠲᠡᠢ ᠠᠰᠢᠭᠯᠠᠬᠤ ᠪᠣᠯᠤᠮᠵᠢ ᠶ᠋ᠢ ᠪᠦᠷᠢᠳᠦᢉᠦᠯᠦᢉᠡᠳ ᠪᠠᠶᠢᠨᠠ᠃
ᠲᠡᢉᠦᠨᠴᠢᠯᠡᠨ ᠵᠢᢉᠡᠯᠡ ᠠᠪᠬᠤ᠂ ᠸᠢᠰᠠ ᠮᠡᠳᠡᢉᠦᠯᢈᠦ᠂ ᠪᠢᠴᠢᢉ ᠪᠠᠷᠢᠮᠲᠠ ᠵᠠᢈᠢᠶᠠᠯᠠᠬᠤ ᠳ᠋ᠤ ᠱᠠᠭᠠᠷᠳᠠᠯᠭᠠᠲᠠᠢ ᠯᠠᠪᠯᠠᠭᠠ ᠲᠣᠳᠤᠷᠬᠠᠶᠢᠯᠠᠯᠲᠠ ᠨᠤᠭᠤᠳ ᠢ᠋ ᠢᠷᢉᠡᠳ ᠦ᠋ᠨ ᢈᠡᠷᠡᢉᠴᠡᢉᠡᠨ ᠳ᠋ᠦ ᠲᠤᠯᠭᠠᠭᠤᠷᠢᠯᠠᠨ ᠪᠠᠭᠴᠠᠯᠠᠭᠰᠠᠨ ᠦᠶᠢᠯᠡᠴᠢᠯᠡᢉᠡ ᠨᠦ᠋ᢉᠦᠳ ᢈᠡᠯᠪᠡᠷᠢ ᠪᠡᠷ ᠰᠠᠨᠠᠯ ᠪᠣᠯᠭᠠᠳᠠᠭ ᠪᠣᠯᠪᠠ᠃ ᠴᠠᢈᠢᠮ ᠰᠢᠯᠵᠢᠯᠲᠡ ᠶ᠋ᠢ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠲᠦ ᢈᠦᠷᠲᠡᢉᠡᠮᠵᠢ ᠲᠡᠢ ᠪᠣᠯᠭᠠᠵᠤ᠂ ᠶᠠᠭᠤᠨ ᠲᠦᠷᠦᢉᠦᠨ ᠳ᠋ᠦ ᠲᠥᠷᠦ ᠶ᠋ᠢᠨ ᠦᠶᠢᠯᠡᠴᠢᠯᠡᢉᠡᠨ ᠦ᠋ ᠴᠠᢈᠢᠮ ᠰᠢᠰᠲ᠋ᠧᠮ ᠦ᠋ᠳ ᠢ᠋ ᠥᢉᠡᠷᠡᠴᠢᠯᠡᠨ ᢈᠥᢉᠵᠢᢉᠦᠯᢈᠦ ᠳ᠋ᠦ ᠠᠩᠬᠠᠷᠴᠤ ᠠᠵᠢᠯᠯᠠᠵᠤ ᠪᠠᠶᠢᠭᠠ ᠪᠥᢉᠡᠳ ᠡᢈᠢᠨ ᠡᠴᠡ ᠪᠡᠨ ᠡᠶᠢᠨ ᢈᠦ ᠪᠣᠳᠠᠲᠤ ᠠᠵᠢᠯ ᠪᠣᠯᠤᠨ ᢈᠡᠷᠡᢉᠵᠢᠵᠦ ᠪᠠᠶᠢᠨᠠ᠃
ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ E᠓᠆Mongolia ᠑᠂ ᠬᠤᠪᠢᠯᠪᠤᠷᠢ ᠳᠡᢉᠡᠷᠡ ᠒᠓ ᠪᠠᠶᠢᠭᠤᠯᠤᠯᠭᠠ ᠶ᠋ᠢᠨ ᠑᠘᠑ ᠦᠢᠯᠡᠴᠢᠯᠡᢉᠡ ᠶ᠋ᠢ ᠴᠠᢈᠢᠮᠵᠢᠭᠤᠯᠵᠤ ᠡᢈᠢᠯᠡᢉᠰᠡᠨ ᠪᠣᠯ ᠡᠳᠦᢉᠡ ᠲᠥᠷᠦ ᠶ᠋ᠢᠨ ᠘᠖ ᠪᠠᠶᠢᠭᠤᠯᠤᠯᠭᠠ ᠶ᠋ᠢᠨ ᠑᠒᠕᠒ ᠦᠢᠯᠡᠴᠢᠯᠡᢉᠡ ᠶ᠋ᠢ ᠨᠡᠪᠲᠡᠷᠡᢉᠦᠯᠦᢉᠡᠳ ᠪᠠᠶᠢᠭᠠ ᠶᠠᠭᠤᠮᠠ᠃
ᠨᠦᠪᠰ ᠠᠴᠠ ᠬᠣᠶᠠᠷ ᠵᠢᠯ ᠲᠤᠲᠤᠮ ᠳ᠋ᠤ “ᠴᠠᢈᠢᠮ ᠵᠠᠰᠠᠭᠯᠠᠯ ᠤ᠋ᠨ ᢈᠥᢉᠵᠢᠯ ᠦ᠋ᠨ ᠢᠨᠳᠧᠻᠰ”᠆ ᠶ᠋ᠢ ᠰᠢᠨᠡᠴᠢᠯᠡᠨ ᠭᠠᠷᠭᠠᠳᠠᠭ᠃ ᠮᠣᠩᠭᠣᠯ ᠤᠯᠤᠰ ᠤ᠋ᠨ ᠬᠤᠪᠢ ᠳ᠋ᠤ ᠡᠮᠦᠨᠡ ᠨᠢ ᠨᠦᠪᠰ ᠤᠨ ᢉᠡᠰᠢᢉᠦᠨ ᠑᠙᠓ ᠣᠷᠤᠨ ᠠ᠋ᠴᠠ ᠒᠐᠑᠘᠂ ᠒᠐᠒᠐ ᠣᠨ ᠳ᠋ᠤ ᠙᠒ ᠷ ᠪᠠᠶᠢᠷᠢ ᠳ᠋ᠤ᠂ ᠒᠐᠒᠒ ᠣᠨ ᠳ᠋ᠤ ᠗᠔ ᠳ᠋ᠦ᠋ᢉᠡᠷ ᠪᠠᠶᠢᠷᠢ ᠳ᠋ᠤ ᠡᠷᠢᠮᠪᠡᠯᠡᢉᠳᠡᢉᠰᠡᠨ ᠪᠣᠯ ᠒᠐᠒᠔ ᠣᠨ ᠤ᠋ ᠪᠠᠶᠢᠳᠠᠯ ᠢ᠋ᠶᠠᠷ ᠒᠘ ᠪᠠᠶᠢᠷᠢ ᠪᠠᠷ ᠤᠷᠤᠭᠰᠢᠯᠠᠵᠤ ᠔᠖ ᠳ᠋ᠤᠭᠠᠷ ᠪᠠᠶᠢᠷᠢ ᠳ᠋ᠤ ᠣᠷᠤᠬᠤ ᠳ᠋ᠤ E᠓᠆Mongolia ᠰᠢᠰᠲ᠋ᠧᠮ ᠪᠠᠭᠠ ᠦᢉᠡᠢ ᠬᠤᠪᠢ ᠨᠡᠮᠡᠷᠢ ᠣᠷᠤᠭᠤᠯᠤᠯᠠ᠃
ᠪᠢᠳᠡ ᠔ ᠵᠢᠯ ᠦ᠋ᠨ ᠬᠤᠭᠤᠴᠠᠭᠠᠨ ᠳ᠋ᠤ ᠑᠂᠙᠓᠕᠂᠗᠒᠐ ᢈᠡᠷᠡᢉᠯᠡᢉᠴᠢᠳ ᠲᠦ ᠕᠗ ᠰᠠᠶᠠ ᠤᠳᠠᠭᠠ ᠶ᠋ᠢᠨ ᠦᠶᠢᠯᠡᠴᠢᠯᠡᢉᠡ ᠶ᠋ᠢ ᠠᠮᠵᠢᠯᠲᠠᠲᠠᠢ ᠦᠵᠡᢉᠦᠯᠵᠦ᠂ ᠴᠠᢈᠢᠮ ᠤᠷ ᠴᠢᠳᠠᠪᠤᠷᠢ ᠶ᠋ᠢᠨ ᠭᠠᠵᠠᠷ ᠠ᠋ᠴᠠ ᠘᠔᠘ ᠤᠳᠠᠭᠠ ᠶ᠋ᠢᠨ ᠳᠠᠪᠲᠠᠮᠵᠢ ᠲᠠᠢ᠂ ᠑᠘᠔᠓ ᠴᠠᠭ ᠤ᠋ᠨ ᠴᠠᢈᠢᠮ ᠤᠷᠠ ᠴᠢᠳᠠᠪᠤᠷᠢ ᠶ᠋ᠢᠨ ᠰᠤᠷᠭᠠᠯᠲᠠ ᠶ᠋ᠢ ᠴᠠᢈᠢᠮ ᠪᠣᠯᠤᠨ ᠲᠠᠩᢈᠢᠮ ᠤ᠋ᠨ ᢈᠡᠯᠪᠡᠷᠢ ᠪᠡᠷ ᠵᠣᢈᠢᠶᠠᠨ ᠪᠠᠶᠢᠭᠤᠯᠵᠤ ᠒᠑ ᠠᠶᠢᠮᠠᠭ᠂ ᠙ ᠳᠡᢉᠦᠷᢉᠡ ᠶ᠋ᠢᠨ ᠨᠡᠶᠢᠲᠡ ᠖᠗᠗᠕᠐ ᠢᠷᢉᠡᠳ᠂ ᠲᠥᠷᠦ ᠶ᠋ᠢᠨ ᠠᠯᠪᠠᠨ ᠬᠠᠭᠠᠭᠴᠢᠳ ᠢ᠋ ᠬᠠᠮᠤᠷᠤᠭᠤᠯᠵᠡᠢ᠃
ᠴᠠᠭᠠᠰᠢᠳᠠ E᠓᠆Mongolia ᠰᠢᠰᠲ᠋ᠧᠮ ᠳ᠋ᠦ ᠢᠷᢉᠡᠳ ᠦ᠋ᠨ ᢈᠡᠷᠡᢉᠴᠡᢉᠡ ᠱᠠᠭᠠᠷᠳᠠᠯᠭᠠ ᠳ᠋ᠤ ᠲᠤᠯᠭᠠᠭᠤᠷᠢᠯᠠᠨ ᠲᠦᠯᢈᠢᢉᠦᠦ ᢈᠡᠷᠡᢉᠯᠡᢉᠳᠡᢈᠦ᠂ ᠵᠠᠶᠢᠯᠠᠰᠢ ᠦᢉᠡᠢ ᠱᠠᠭᠠᠷᠳᠠᠯᠭᠠ ᠲᠠᠢ ᠦᠢᠯᠡᠴᠢᠯᠡᢉᠡ ᠨᠦ᠋ᢉᠦᠳ ᠢ᠋ ᠴᠠᠭ ᠠᠯᠳᠠᠯ ᠦᢉᠡᠢ ᠨᠡᠪᠲᠡᠷᠡᢉᠦᠯᢈᠦ ᠡᠴᠡ ᠭᠠᠳᠠᠨᠠ ᠵᠣᠷᠢᠯᠲᠠᠲᠤ ᠪᠦᠯᠦᢉ ᠦ᠋ᠨ ᢈᠦᠮᠦᠰ᠂ ᠠᠬᠠᠮᠠᠳ ᠨᠠᠰᠤᠲᠠᠨ᠂ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠲᠦ ᠠᠰᠢᠭᠯᠠᠭᠤᠯᠵᠤ ᠰᠤᠷᠭᠠᠬᠤ᠂ ᠴᠠᢈᠢᠮ ᠤᠷᠠ ᠴᠢᠳᠠᠪᠤᠷᠢ ᠣᠯᠭᠠᠬᠤ᠂ E᠓᠆Mongolia ᠰᠢᠰᠲ᠋ᠧᠮ ᠢ᠋ ᠠᠰᠢᠭᠯᠠᠬᠤ ᠪᠣᠯᠤᠮᠵᠢ ᠶ᠋ᠢ ᠨᠡᠮᠡᢉᠳᠡᢉᠦᠯᢈᠦ ᠲᠠᠯᠠ ᠳᠡᢉᠡᠷᠡ ᠠᠩᠬᠠᠷᠤᠨ ᠠᠵᠢᠯᠯᠠᠬᠤ ᠶᠠᠭᠤᠮᠠ᠃
ᠳᠥᠷᠪᠡᠨ ᠵᠢᠯ ᠦ᠋ᠨ ᠬᠤᠭᠤᠴᠠᠭᠠᠨ ᠳ᠋ᠤ ᠪᠢᠳᠡᠨ ᠲᠡᠢ ᠬᠠᠮᠲᠤ ᠪᠠᠶᠢᠭᠰᠠᠨ ᠴᠠᢈᠢᠮ ᢈᠥᢉᠵᠢᠯ ᠢ᠋ ᠲᠦᢉᠦᠴᠢᠶᠡᠯᠡᢉᠴᠢ ᠢᠷᢉᠡᠳ ᠲᠠ ᠪᠦᢈᠦᠨ ᠳ᠋ᠦ ᠪᠡᠨ ᠪᠠᠶᠠᠷᠯᠠᠯᠤᠭᠠ᠃