“ᠢ᠆ ᠮᠣᠩᠭᠤᠯ ᠠᠻᠠᠳ᠋ᠧᠮᠢ” ᠤᠳᠤᠭ ᠤ᠋ᠨ ᠬᠠᠮᠲᠤ ᠣᠯᠠᠨ “ᠨᠣᠭᠤᠭᠠᠨ ᠬᠣᠲᠠ – ᠢᠷᢉᠡᠨ ᠦ᠋ ᠣᠷᠤᠯᠴᠠᠭ᠎ᠠ” ᠮᠣᠳᠤ ᠲᠠᠷᠢᠬᠤ ᠠᠶᠠᠨ ᠳ᠋ᠤ ᠨᠢᢉᠡᠳᠦᠯ ᠢ᠋ᠶᠡᠨ


“ᠢ᠆ ᠮᠣᠩᠭᠤᠯ ᠠᠻᠠᠳ᠋ᠧᠮᠢ” ᠤᠳᠤᠭ ᠤ᠋ᠨ ᠬᠠᠮᠲᠤ ᠣᠯᠠᠨ “ᠨᠣᠭᠤᠭᠠᠨ ᠬᠣᠲᠠ – ᠢᠷᢉᠡᠨ ᠦ᠋ ᠣᠷᠤᠯᠴᠠᠭ᠎ᠠ” ᠮᠣᠳᠤ ᠲᠠᠷᠢᠬᠤ ᠠᠶᠠᠨ ᠳ᠋ᠤ ᠨᠢᢉᠡᠳᠦᠯ ᠢ᠋ᠶᠡᠨ
ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ E᠓᠆Mongolia ᠠᠩᠬᠠᠨ ᠤ᠋ ᠦᠢᠯᠡᠴᠢᠯᠡᢉᠡ ᠪᠡᠨ ᠦᠵᠡᢉᠦᠯᠦᢉᠰᠡᠨ ᠦ᠋ ᠔ ᠵᠢᠯ ᠦ᠋ᠨ ᠣᠢ ᠶ᠋ᠢ ᠲᠣᢈᠢᠶᠠᠯᠳᠤᠭᠤᠯᠤᠨ “ᠢ᠆ ᠮᠣᠩᠭᠤᠯ ᠠᠻᠠᠳ᠋ᠧᠮᠢ” ᠤᠲᠤᠭ ᠤ᠋ᠨ ᠬᠠᠮᠲᠤ ᠣᠯᠠᠨ ᠔ ᠪᠦᠲᠦᢉᠡᠯᠴᠢ ᠠᠵᠢᠯ ᠵᠣᢈᠢᠶᠠᠨ ᠪᠠᠶᠢᠭᠤᠯᠬᠤ ᠪᠠᠷ ᠲᠥᠯᠦᠪᠯᠡᢉᠰᠡᠨ᠃ ᠡᠨᠡ ᢈᠦ ᠲᠣᠮᠤᠬᠠᠨ ᠲᠥᠯᠦᠪᠯᠡᢉᠡᠲᠦ ᠠᠵᠢᠯ ᠤ᠋ᠨ ᠡᢈᠢᠨ ᠦ᠋ ᢈᠢ ᠨᠢ ᠮᠣᠩᠭᠤᠯ ᠤᠯᠤᠰ ᠤ᠋ᠨ ᠶᠡᠷᠦᠩᢈᠡᠶᠢᠯᠡᢉᠴᠢ ᠶ᠋ᠢᠨ ᠰᠠᠨᠠᠭᠠᠴᠢᠯᠠᠭᠰᠠᠨ “ᠲᠡᠷᠪᠤᠮ ᠮᠣᠳᠤ” ᠦᠨᠳᠦᠰᠦᠨ ᠦ᠋ ᢈᠥᠳᠡᠯᢉᠡᢉᠡᠨ᠂ “ᠨᠣᠭᠤᠭᠠᠨ ᠬᠣᠲᠠ ᠢᠷᢉᠡᠳ ᠦ᠋ᠨ ᠣᠷᠤᠯᠴᠠᠭ᠎ᠠ” ᠨᠠᠮᠤᠷ ᠤ᠋ᠨ ᠮᠣᠳᠤ ᠲᠠᠷᠢᠬᠤ ᠪᠦᢈᠦ ᠨᠡᠶᠢᠲᠡ ᠶ᠋ᠢᠨ ᠠᠶᠠᠨ ᠳ᠋ᠤ ᠨᠢᢉᠡᠳᠦᠨ ᠦᠨᠳᠦᠰᠦᠨ ᠦ᠋ ᠴᠡᠴᠡᠷᠯᠢᢉᠲᠦ ᢈᠦᠷᠢᠶᠡᠯᠡᠩ ᠦ᠋ᠨ ᠵᠥᠪᠰᠢᠶᠡᠷᠡᢉᠳᠡᢉᠰᠡᠨ ᠡᠵᠡᠮᠰᠢᠯ ᠦ᠋ᠨ ᠲᠠᠯᠠᠪᠠᠢ ᠳ᠋ᠤ ᠒᠐᠒᠔ ᠣᠨ ᠤ᠋ ᠑᠐ ᠳ᠋ᠤᠭᠠᠷ ᠰᠠᠷ᠎ᠠ ᠶ᠋ᠢᠨ ᠐᠕᠆ ᠶ᠋ᠢᠨ ᠡᠳᠦᠷ ᠵᠣᢈᠢᠶᠠᠨ ᠪᠠᠶᠢᠭᠤᠯᠤᠯ᠎ᠠ᠃

ᠥᠨᠦᠳᠦᠷ ᠤᠯᠠᠭᠠᠨᠪᠠᠭᠠᠲᠤᠷ ᠬᠣᠲᠠ ᠶ᠋ᠢᠨ ᠨᠡᠶᠢᠲᠡ ᠭᠠᠵᠠᠷ ᠨᠤᠲᠤᠭ ᠤ᠋ᠨ ¼ ᠨᠢ ᠣᠢ ᠶ᠋ᠢᠨ ᠰᠠᠩ ᠪᠦᢈᠦᠢ ᠭᠠᠵᠠᠷ ᠡᠵᠡᠯᠡᠳᠡᢉ ᠪᠥᢉᠡᠳ ᠨᠢᢉᠡ ᢈᠦᠨᠳᠦ ᠕᠂᠑ ᠠᠮᠠ ᠮᠧᠲ᠋ᠷ ᠨᠣᠭᠤᠭᠠᠨ ᠪᠠᠶᠢᠭᠤᠯᠤᠮᠵᠢ ᠨᠣᠭᠳᠠᠵᠤ ᠪᠠᠶᠢᠨ᠎ᠠ᠃ ᠮᠣᠩᠭᠤᠯ ᠣᠷᠤᠨ ᠤ᠋ ᠬᠤᠪᠢ ᠳ᠋ᠤ ᠰᠡᢉᠦᠯ ᠦ᠋ᠨ ᠘᠐ ᠵᠢᠯ ᠳ᠋ᠦ ᠠᠭᠠᠷ ᠤ᠋ᠨ ᠳᠤᠨᠳᠠᠵᠢ ᠲᠧᠮᠫᠧᠷᠠᠲ᠋ᠦᠷ ᠒᠂ ᢈᠡᠮ ᠢ᠋ᠶᠡᠷ ᠳᠤᠯᠠᠭᠠᠷᠠᠵᠤ᠂ ᠴᠥᠯᠵᠢᠯᠲᠡ᠂ ᠭᠠᠵᠠᠷ ᠤ᠋ᠨ ᠳᠣᠷᠤᠶᠢᠲᠠᠯ ᠗᠖᠂᠙ ᠬᠤᠪᠢ ᠳ᠋ᠤ ᢈᠦᠷᠴᠦ᠂ ᠭᠠᠮᠰᠢᠭᠲᠤ ᠦᠵᠡᢉᠳᠡᠯ ᠦ᠋ᠨ ᠳᠠᠪᠲᠠᠮᠵᠢ ᠰᠡᢉᠦᠯ ᠦ᠋ᠨ ᠒᠐ ᠵᠢᠯ ᠳ᠋ᠦ ᠬᠣᠶᠠᠷ ᠳᠠᢈᠢᠨ ᠥᠰᠴᠦ᠂ ᠨᠢᢉᠡ ᢈᠦᠨᠳᠦ ᠨᠣᠭᠳᠠᠬᠤ ᢈᠦᠯᠡᠮᠵᠢ ᠶ᠋ᠢᠨ ᢈᠡᠢ ᠶ᠋ᠢᠨ ᠢᠯᠭᠠᠷᠠᠯ ᠳᠡᠯᠡᢈᠡᠢ ᠶ᠋ᠢᠨ ᠳᠤᠮᠳᠠᠵᠢ ᠠ᠋ᠴᠠ ᠒᠂᠗ ᠳᠠᢈᠢᠨ ᠶᠡᢈᠡ ᠪᠠᠶᠢᠨ᠎ᠠ᠃

ᠳᠡᠯᠡᢈᠡᠢ ᠳᠠᠶᠠᠭᠠᠷ᠂ ᠮᠢᠨᠦᠲ ᠲᠤᠲᠤᠮ ᠳ᠋ᠤ ᠑᠙᠐ ᠲᠣᠨᠨ ᠴᠠᠭᠠᠰᠤ ᠦᠶᠢᠯᠡᠳᠪᠦᠷᠢᠯᠡᠳᠡᢉ ᠪᠥᢉᠡᠳ ᠨᠢᢉᠡ ᠲᠣᠨᠨ ᠴᠠᠭᠠᠰᠤ ᠦᠶᠢᠯᠡᠳᠪᠦᠷᠢᠯᠡᢈᠦ ᠶ᠋ᠢᠨ ᠲᠤᠯᠠᠳᠠ ᠑᠕᠆᠖᠐ ᠵᠢᠯ ᠤᠷᠭᠤᠵᠤ ᠲᠥᠯᠦᠵᠢᢉᠰᠡᠨ ᠒᠔ ᠮᠣᠳᠤ ᠶ᠋ᠢ ᠲᠠᠭᠠᠷᠢᠵᠤ ᠣᠭᠲᠤᠯᠬᠤ ᠱᠠᠭᠠᠷᠳᠠᠯᠭ᠎ᠠ ᠲᠠᠢ ᠪᠣᠯᠳᠠᠭ᠃

ᠨᠢᢉᠡ ᠰᠢᠷᢈᠡᢉ ᠮᠣᠳᠤ ᠬᠣᠨᠤᠭ ᠲᠤ ᠳᠤᠮᠳᠠᠵᠢ ᠪᠠᠷ ᠭᠤᠷᠪᠠᠨ ᢈᠦᠮᠦᠨ ᠠᠮᠢᠰᠬᠤᠯᠠᠬᠤ ᢈᠡᠮᠵᠢᠶ ᠡᠨ ᠦ᠋ ᢈᠦᠴᠢᠯᠲᠦᠷᠦᢉᠴᠢ ᠶ᠋ᠢ ᠠᠭᠠᠷ ᠲᠤ ᠢᠯᠭᠠᠷᠠᠭᠤᠯᠳᠠᠭ ᠴᠤ ᠡᠰᠡᠷᢉᠦ ᠪᠡᠷ ᠢ᠋ᠶᠡᠨ ᠬᠠᠶᠠᠭᠳᠠᠯ ᠪᠣᠯᠤᠭᠰᠠᠨ ᠴᠠᠭᠠᠰᠤ ᠢᠯᠵᠠᠷᠠᠵᠤ᠂ ᠡᠪᠡᠳᠴᠢᠨ ᠡᢉᠦᠰᢈᠡᢉᠴᠢ ᠨᠢᠶᠠᠨ ᠢ᠋ ᠦᠷᠡᠵᠢᢉᠦᠯᠳᠡᢉ ᠪᠥᢉᠡᠳ ᠨᠡᢉᠦᠷᠡᠰᠦᢈᠦᠴᠢᠯ ᠦ᠋ᠨ ᢈᠡᠢ ᠡᠴᠡ ᠒᠓ ᠳᠠᢈᠢᠨ ᢈᠦᠴᠦᠲᠡᠢ ᠬᠣᠣᠷᠠᠲᠤ ᢈᠡᠢ ᠶ᠋ᠢ ᠠᠭᠠᠷ ᠲᠤ ᠢᠯᠭᠠᠷᠠᠭᠤᠯᠳᠠᠭ ᠨᠢ ᠡᠷᠡᢉᠦᠯ ᠮᠡᠨᠳᠦ ᠳ᠋ᠦ ᠰᠥᠷᢉᠦ ᠪᠡᠷ ᠨᠥᠯᠦᢉᠡᠯᠡᠳᠡᢉ ᠢ᠋ ᠪᠢᠳᠡ ᠲᠡᠳᠦᠶᠢᠯᠡᠨ ᠮᠡᠳᠡᠳᠡᢉ ᠦᢉᠡᠢ᠃

E᠓᠆Mongolia ᠰᠢᠰᠲ᠋ᠧᠮ ᠨᠢ ᠔ ᠵᠢᠯ ᠦ᠋ᠨ ᠬᠤᠭᠤᠴᠠᠭᠠᠨ ᠳ᠋ᠤ ᠑᠂᠙᠓᠕᠂᠗᠒᠐ ᢈᠡᠷᠡᢉᠯᠡᢉᠴᠢᠳ ᠲᠦ ᠕᠗ ᠰᠠᠶ᠎ᠠ ᠤᠳᠠᠭ᠎ᠠ ᠶ᠋ᠢᠨ ᠦᠶᠢᠯᠡᠴᠢᠯᠡᢉᠡ ᠶ᠋ᠢ ᠠᠮᠵᠢᠯᠲᠠᠲᠠᠢ ᠦᠵᠡᢉᠦᠯᠵᠦ ᠑᠑᠔᠐᠐ ᠮᠣᠳᠤ ᠂ ᠑᠑ ᠰᠠᠶ᠋ᠢ ᠲᠣᠨ᠋ ᠨ᠋ ᠴᠡᠪᠡᠷ ᠤᠰᠤ ᠶ᠋ᠢ ᠠᠰᠢᠭᠯᠠᠨ ᠪᠣᠯᠪᠠᠰᠤᠷᠠᠭᠤᠯᠬᠤ ᠪᠠᠶᠢᠭᠰᠠᠨ ᠑᠑᠔ ᠰᠠᠶ᠎ᠠ ᠰᠢᠷᢈᠡᢉ ᠴᠠᠭᠠᠰᠤ ᠶ᠋ᠢ ᢈᠡᠮᠨᠡᢉᠡᠳ ᠪᠠᠶᠢᠨ᠎ᠠ᠃

ᠮᠣᠳᠤ ᠲᠠᠷᠢᠭᠰᠠᠨ ᠢ᠋ᠶᠠᠷ ᠶᠠᠮᠠᠷ ᠠᠰᠢᠭ ᠲᠤᠰᠠᠲᠠᠢ ᠪᠤᠢ?

ᠭᠠᠳᠠᠭ᠎ᠠ ᠦᠶᠢᠯᠡ ᠠᠵᠢᠯᠯᠠᠭ᠎ᠠ ᠶ᠋ᠢ ᠳᠡᠮᠵᠢᢈᠦ ᠶ᠋ᠢᠨ ᠲᠤᠯᠠᠳᠠ ᠰᠡᢉᠦᠳᠡᠷ ᠲᠡᠢ ᠬᠠᠯᠬᠠᠪᠴᠢ ᠪᠠᠷ ᠬᠠᠩᠭᠠᠨ᠎ᠠ
ᠠᠰᠲ᠋ᠮᠠ᠂ ᠰᠲ᠋ᠷᠧᠰᠰ ᠦ᠋ᠨ ᠰᠢᠨᠵᠢ ᠲᠡᠮᠳᠡᢉ ᠢ᠋ ᠪᠠᠭᠤᠷᠠᠭᠤᠯᠵᠤ᠂ ᠪᠡᠶ᠎ᠡ ᠪᠢᠯᠳᠠᠷ᠂ ᠰᠡᠳᢈᠢᠯ ᢈᠥᠳᠡᠯᠦᠯ᠂ ᠰᠡᠳᢈᠢᠴᠡ ᠶ᠋ᠢᠨ ᠡᠷᠡᢉᠦᠯ ᠮᠡᠨᠳᠦ ᠶ᠋ᠢ ᠰᠠᠶᠢᠵᠢᠷᠠᠭᠤᠯᠤᠨ᠎ᠠ
ᠡᠷᠴᠢᠮ ᢈᠦᠴᠦᠨ ᠦ᠋ ᢈᠡᠷᠡᢉᠯᠡᢉᠡ ᠪᠣᠯᠤᠨ ᠠᠭᠠᠷᠵᠢᠭᠤᠯᠤᠯᠲᠠ ᠶ᠋ᠢᠨ ᢈᠡᠷᠡᢉᠴᠡᢉᠡ ᠶ᠋ᠢ ᠪᠠᠭᠠᠰᠬᠠᠬᠤ
ᠨᠢᠭᠤᠴᠠᠯᠠᠯ ᠢ᠋ ᠥᢉᠴᠦ᠂ ᠳᠠᠭᠤ ᠴᠢᠮᠡᢉᠡ᠂ ᠭᠠᠳᠠᠭ᠎ᠠ ᠳᠠᠭᠤ ᠴᠢᠮᠡᢉᠡ ᠶ᠋ᠢ ᠰᠢᠩᢉᠡᢉᠡᠨ᠎ᠡ
ᠠᠭᠠᠷ ᠢ᠋ ᠰᠢᢉᠦᠵᠦ᠂ ᠪᠣᢈᠢᠷᠳᠠᠯ᠂ ᠣᠽᠤᠨ᠂ ᠤᠲᠤᠭᠠᠨ ᠤ᠋ ᠲᠦᠪᠰᠢᠨ ᠢ᠋ ᠪᠠᠭᠤᠷᠠᠭᠤᠯᠤᠨ᠎ᠠ
ᠨᠡᢉᠦᠷᠡᠰᠦᠲᠦᠷᠦᢉᠴᠢ ᠶ᠋ᠢᠨ ᠳᠠᠪᠬᠤᠷ ᠢᠰᠦᠯ ᠪᠣᠯᠤᠨ ᠪᠤᠰᠤᠳ ᠬᠣᠣᠷᠠᠲᠠᠢ ᢈᠢ ᠶ᠋ᠢ ᠬᠤᠪᠢᠷᠠᠭᠠᠬᠤ ᠵᠠᠮ ᠢ᠋ᠶᠠᠷ ᢈᠦᠴᠢᠯᠲᠦᠷᠦᢉᠴᠢ ᠶ᠋ᠢ ᠪᠤᠢ ᠪᠣᠯᠭᠠᠬᠤ ᠵᠡᠷᢉᠡ ᠪᠢᠳᠡᠨ ᠦ᠋ ᠠᠮᠢᠳᠤᠷᠠᠯ ᠳ᠋ᠤ ᠣᠯᠠᠨ ᠠᠰᠢᠭ ᠲᠤᠰᠠ ᠲᠠᠢ᠃
ᠮᠣᠳᠤ ᠲᠠᠷᠢᠵᠤ ᠢᠷᠡᢉᠡᠳᠦᠢ ᠳ᠋ᠦ ᠪᠡᠨ ᠠᠮᠢᠳᠤ ᠥᠪ ᠦᠯᠡᠳᠡᢉᠡᠴᠡᢉᠡᠶ᠎ᠡ…

ᠨᠡᠶᠢᠲᠡᠯᠡᠭᠰᠡᠨ᠄