“ᠢ᠆ ᠮᠣᠩᠭᠤᠯ ᠠᠻᠠᠳ᠋ᠧᠮᠢ” ᠤᠲᠤᠭ᠂ “ᠦᠨᠳᠦᠰᠦᠨ ᠦ᠋ ᠴᠡᠴᠡᠷᠯᠢᢉᠲᠦ ᢈᠦᠷᠢᠶᠡᠯᠡᠩ” ᠣᠨᠢᠲᠦ᠋ᢉᠡ ᠲᠠᠢ ᠬᠠᠮᠲᠤᠷᠠᠨ ᠠᠵᠢᠯᠯᠠᠬᠤ ᠰᠠᠨᠠᠮᠵᠢ ᠪᠢᠴᠢᢉ ᠪᠠᠶᠢᠭᠤᠯᠤᠯ᠎ᠠ


“ᠢ᠆ ᠮᠣᠩᠭᠤᠯ ᠠᠻᠠᠳ᠋ᠧᠮᠢ” ᠤᠲᠤᠭ ᠪᠣᠯᠤᠨ “ᠦᠨᠳᠦᠰᠦᠨ ᠦ᠋ ᠴᠡᠴᠡᠷᠯᠢᢉᠲᠦ ᢈᠦᠷᠢᠶᠡᠯᠡᠩ” ᠣᠨᠢᠲᠦ᠋ᢉᠡ ᠬᠣᠭᠤᠷᠤᠨᠳᠤ ᠨᠠᠶᠢᠷᠰᠠᠭ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᠵᠠᠷᠴᠢᠮ ᠤ᠋ᠳ ᠳᠡᢉᠡᠷ᠎ᠡ ᠲᠤᠯᠭᠠᠭᠤᠷᠢᠯᠠᠨ᠂ ᠴᠠᠭᠠᠰᠢᠳᠠ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᠦᠨ᠂ ᢈᠥᢉᠵᠢᢉᠦᠯᢈᠦ ᠵᠣᠷᠢᠯᠭ᠎ᠠ ᠪᠠᠷ “ᠢ᠆ ᠮᠣᠩᠭᠤᠯ ᠠᠻᠠᠳ᠋ᠧᠮᠢ” ᠤᠲᠤᠭ ᠨᠢ ᠨᠡᠶᠢᢉᠡᠮ ᠦ᠋ᠨ ᠬᠠᠷᠢᠭᠤᠴᠠᠯᠭ᠎ᠠ ᠶ᠋ᠢᠨ ᢈᠦᠷᠢᠶᠡᠨ ᠳ᠋ᠦ ᢈᠦᠷᠢᠶᠡᠯᠡᠩ ᠦ᠋ᠨ ᠵᠥᠪᠰᠢᠶᠡᠷᠡᢉᠳᠡᢉᠰᠡᠨ ᠡᠵᠡᠮᠰᠢᠯ ᠦ᠋ᠨ ᠲᠠᠯᠠᠪᠠᠢ ᠳ᠋ᠤ ᠮᠣᠳᠤ ᠲᠠᠷᠢᠵᠤ ᠨᠣᠭᠤᠭᠠᠨ ᠪᠠᠶᠢᠭᠤᠯᠤᠮᠵᠢ ᠶ᠋ᠢ ᠨᠡᠮᠡᢉᠳᠡᢉᠦᠯᢈᠦ᠂ ᢈᠦᠷᠢᠶᠡᠯᠡᠩ ᠦ᠋ᠨ ᠦᠨᠳᠦᠰᠦᠨ ᠦᠶᠢᠯᠡ ᠠᠵᠢᠯᠯᠠᠭ᠎ᠠ ᠶ᠋ᠢ ᠣᠯᠠᠨ ᠨᠡᠶᠢᠲᠡ ᠶ᠋ᠢᠨ ᠳᠤᠮᠳᠠ ᠲᠦᢉᠡᢉᠡᠨ ᠳᠡᠯᢉᠡᠷᠡᢉᠦᠯᠵᠦ᠂ ᠰᠤᠷᠲᠠᠯᠴᠢᠯᠠᠨ ᠲᠠᠨᠢᠭᠤᠯᠬᠤ ᠴᠢᢉᠯᠡᠯ ᠢ᠋ᠶᠡᠷ ᠬᠠᠮᠲᠤᠷᠠᠨ ᠠᠵᠢᠯᠯᠠᠬᠤ ᠰᠠᠨᠠᠮᠵᠢ ᠪᠢᠴᠢᢉ ᠢ᠋ ᠥᠨᠦᠳᠦᠷ /᠒᠐᠒᠔᠂᠑᠐᠂᠐᠘/ ᠪᠠᠶᠢᠭᠤᠯᠪᠠ᠃

ᠲᠤᠰᠠ ᠰᠠᠨᠠᠮᠵᠢ ᠪᠢᠴᠢᢉ ᠲᠦ “ᠢ᠆ ᠮᠣᠩᠭᠤᠯ ᠠᠻᠠᠳ᠋ᠧᠮᠢ” ᠤᠲᠤᠭ ᠤ᠋ᠨ ᠵᠠᢈᠢᠷᠤᠯ ᠪ᠃ᠮᠢᠭᠮᠠᠷᠨᠠᠷᠠᠨ᠂ “ᠦᠨᠳᠦᠰᠦᠨ ᠦ᠋ ᠴᠡᠴᠡᠷᠯᠢᢉᠲᠦ ᢈᠦᠷᠢᠶᠡᠯᠡᠩ” ᠣᠨᠢᠲᠦ᠋ᢉᠡ ᠶᠤᠨ ᠳᠠᠷᠤᠭ᠎ᠠ ᠶᠣ᠃ᠨᠢᠮᠠᠵᠠᠪ ᠨᠠᠷᠠ ᠭᠠᠷ ᠤ᠋ᠨ ᠦᠰᠦᢉ ᠵᠢᠷᠤᠯᠠᠭ᠎ᠠ᠃

ᠰᠠᠨᠠᠮᠵᠢ ᠪᠢᠴᠢᢉ ᠦ᠋ᠨ ᢈᠦᠷᠢᠶ ᠡᠨ ᠳ᠋ᠦ:

ᠦᠨᠳᠦᠰᠦᠨ ᠦ᠋ ᠴᠡᠴᠡᠷᠯᠢᢉᠲᠦ ᢈᠦᠷᠢᠶᠡᠯᠡᠩ ᠦ᠋ᠨ ᠡᠵᠡᠮᠰᠢᠯ ᠦ᠋ᠨ ᠵᠥᠪᠰᠢᠶᠡᠷᠡᢉᠳᠡᢉᠰᠡᠨ ᠲᠠᠯᠠᠪᠠᠢ ᠳ᠋ᠤ ᠮᠣᠳᠤ ᠲᠠᠷᠢᠵᠤ ᠨᠣᠭᠤᠭᠠᠨ ᠪᠠᠶᠢᠭᠤᠯᠤᠮᠵᠢ ᠶ᠋ᠢ ᠨᠡᠮᠡᢉᠳᠡᢉᠦᠯᢈᠦ;
E᠓᠆Mongolia ᠠᠫᠫᠯᠢᠻᠧᠶᠢᠱᠢᠨ᠋ ᠤ᠋ ᢈᠡᠷᠡᢉᠯᠡᢉᠴᠢᠳ ᠲᠦ ᠮᠣᠳᠤ ᠲᠠᠷᠢᠬᠤ᠂ ᠪᠠᠶᠢᠭᠠᠯᠢ ᠬᠠᠮᠠᠭᠠᠯᠠᠬᠤ ᠴᠢᢉᠯᠡᠯ ᠢ᠋ᠶᠡᠷ ᠵᠢᠯ ᠳ᠋ᠦ ᠒ ᠤᠳᠠᠭ᠎ᠠ “Push notifications” ᠢᠯᠡᢉᠡᢈᠦ ᠲᠠᠯᠠᠭᠠᠷ ᠲᠤᠰᠬᠠᠭᠳᠠᠭᠰᠠᠨ ᠶᠠᠭᠤᠮ᠎ᠠ᠃

ᠨᠡᠶᠢᠲᠡᠯᠡᠭᠰᠡᠨ᠄