ᠵᠠᠮ ᠤ᠋ᠨ ᢈᠥᠳᠡᠯᢉᠡᢉᠡᠨ ᠦ᠋ ᠨᠥᢈᠦᠴᠡᠯ ᠪᠠᠶᠢᠳᠠᠯ᠂ ᠠᠴᠢᠶᠠᠯᠠᠯᠲᠠᠢ ᠲᠦᢉᠵᠢᠷᠡᠯ ᠶᠡᢈᠡ ᠲᠡᠢ ᠪᠠᠶᠢᠭᠠ ᠵᠠᠮ ᠤ᠋ᠨ ᠲᠠᠯᠠᠭᠠᠷᢈᠢ ᠮᠡᠳᠡᢉᠡᠯᠡᠯ ᠢ᠋ ᠒᠔ ᠴᠠᠭ ᠤ᠋ᠨ ᠲᠤᠷᠰᠢ ᠬᠠᠮᠢᠭᠠ ᠠ᠋ᠴᠠ ᠴᠤ E᠓᠆Mongolia ᠰᠢᠰᠲ᠋ᠧᠮ ᠢ᠋ᠶᠡᠷ ᠳᠠᠮᠵᠢᠭᠤᠯᠤᠨ ᠬᠠᠷᠠᠬᠤ ᠪᠣᠯᠤᠮᠵᠢ ᠲᠠᠢ ᠪᠣᠯᠤᠯᠤᠭᠠ᠃
ᠨᠡᠶᠢᠰᠯᠡᠯ ᠦ᠋ᠨ ᠵᠠᠮ ᠤ᠋ᠳ ᠪᠣᠯᠤᠨ ᠠᠭᠤᠯᠵᠠᠪᠤᠷᠢᠲᠤ ᠵᠠᠮ ᠤ᠋ᠨ ᢈᠥᠳᠡᠯᢉᠡᢉᠡᠨ ᠦ᠋ ᠡᠷᠴᠢᠮ ᠠᠴᠢᠶᠠᠯᠠᠯ ᠢ᠋ ᠬᠠᠷᠠᠬᠤ ᠶ᠋ᠢᠨ ᠲᠤᠯᠠᠳᠠ E᠓᠆Mongolia ᠰᠢᠰᠲ᠋ᠧᠮ ᠳ᠋ᠦ ᠪᠠᠶᠢᠷᠢᠯᠠᠬᠤ ᠣᠨᠴᠠᠯᠠᠬᠤ ᠦᠶᠢᠯᠡᠴᠢᠯᠡᢉᠡ ᠼᠧᠰᠧ ᠡᠴᠡ “ᠠᠦᠲ᠋ᠤ ᠵᠠᠮ ᠤ᠋ᠨ ᠠᠴᠢᠶᠠᠯᠠᠯ” ᠦᠶᠢᠯᠡᠴᠢᠯᠡᢉᠡ ᠤᠷᠤᠭᠤ ᠣᠷᠤᠵᠤ ᠬᠠᠷᠠᠨᠠ᠃
ᠤᠯᠠᠭᠠᠨᠪᠠᠭᠠᠲᠤᠷ ᠬᠣᠲᠠ ᠶ᠋ᠢᠨ ᠵᠠᠮ ᠤ᠋ᠨ ᢈᠥᠳᠡᠯᢉᠡᢉᠡᠨ ᠦ᠋ ᠮᠡᠳᠡᢉᠡᠯᠡᠯ ᠢ᠋ ᠢᠯᠡᢉᠦᠦ ᠤᠬᠠᠭᠠᠯᠢᠭ ᠪᠠᠶᠢᠳᠠᠯ ᠢ᠋ᠶᠠᠷ ᠲᠠᠨ ᠳ᠋ᠤ ᠮᠡᠳᠡᢉᠡᠯᠡᢈᠦ ᠪᠥᢉᠡᠳ ᠶᠠᠪᠤᠬᠤ ᠴᠡᢉ᠂ ᢈᠦᠷᢈᠦ ᠴᠡᢉ ᠢ᠋ᠶᠡᠨ ᠰᠣᠩᠭᠤᠭᠰᠠᠨ ᠢ᠋ᠶᠠᠷ ᠵᠢᠯᠤᠭᠤᠴᠢ᠂ ᠵᠣᠷᠴᠢᢉᠴᠢ ᠲᠠᠨ ᠳ᠋ᠤ ᠠᠴᠢᠶᠠᠯᠠᠯ ᠲᠠᠢ ᠵᠠᠮ ᠠᠭᠤᠯᠵᠠᠪᠤᠷᠢ ᠨᠤᠭᠤᠳ ᠢ᠋ ᠮᠡᠳᠡᢉᠡᠯᠡᢈᠦ ᠡᠰᠡᠪᠡᠯ ᠲᠣᠭᠤᠷᠢᠭᠤ ᠵᠠᠮ ᠢ᠋ᠶᠠᠷ ᠠᠴᠢᠶᠠᠯᠠᠯ ᠦᢉᠡᠢ ᠶᠠᠪᠤᠬᠤ ᠵᠠᠮ ᠢ᠋ ᠰᠠᠨᠠᠯ ᠪᠣᠯᠭᠠᠬᠤ ᠶᠠᠭᠤᠮᠠ᠃ ᠵᠠᠮ ᠤ᠋ᠨ ᠥᠩᢉᠡ ᢉᠦᠨ ᠤᠯᠠᠭᠠᠨ ᠪᠣᠯᠬᠤ ᠲᠤᠰᠤᠮ ᠢ᠋ᠶᠠᠨ ᠠᠴᠢᠶᠠᠯᠠᠯ ᠨᠢ ᠨᠡᠮᠡᢉᠳᠡᢈᠦ ᠪᠣᠯ ᠨᠣᠭᠤᠭᠠᠷᠠᠬᠤ ᠲᠤᠰᠤᠮᠠ ᠠᠴᠢᠶᠠᠯᠠᠯ ᠨᠢ ᠪᠠᠭᠤᠷᠠᠨᠠ᠃
ᠵᠠᠮ ᠤ᠋ᠨ ᢈᠥᠳᠡᠯᢉᠡᢉᠡᠨ ᠳ᠋ᠦ ᠪᠡᠨ ᠳᠦᠷᠢᠮ ᠦ᠋ᠨ ᠳᠠᠭᠠᠭᠤ ᠰᠣᠶᠤᠯ ᠲᠠᠢ ᠣᠷᠤᠯᠴᠠᠴᠠᠭᠠᠶᠠ᠃