“ᠢ᠆ ᠮᠣᠩᠭᠤᠯ ᠠᠻᠠᠳ᠋ᠧᠮᠢ” ᠤᠲᠤᠭ᠂ “ᠲᠢᠲ᠋ᠠᠨ ᠰᠢ ᠠᠷᠤ ᠡᠢ ᠵᠢᠮᠰ” ᢈᠾ᠂ᠦ᠂ᠶᠠ᠂ ᠶ᠋ᠢᠨ ᠰᠠᠶᠢᠨᠰᠻᠤᠷ ᠵᠢᢉᠡᠯᠡ ᠶ᠋ᠢᠨ ᠮᠡᠳᠡᢉᠡᠯᠡᠯ ᠦ᠋ᠨ ᠰᠠᠩ ᠬᠠᠮᠲᠤᠷᠠᠨ ᠵᠢᢉᠡᠯᠡ ᠶ᠋ᠢᠨ ᠣᠨᠤᠭᠠᠨ ᠤ᠋ ᠯᠠᠪᠯᠠᠭᠠ ᠶ᠋ᠢ ᠴᠠᢈᠢᠮᠵᠢᠭᠤᠯᠤᠯᠤᠭᠠ᠃
ᠢᠷᢉᠡᠨ ᠲᠠ ᠠᠯᠢ ᠪᠠᠩᠻᠢ ᠶ᠋ᠢᠨ ᠵᠢᢉᠡᠯᠡᠳᠦᢉᠴᠢ ᠡᠴᠡ ᠦᠯᠦ ᠬᠠᠮᠢᠶᠠᠷᠴᠤ ᠵᠢᢉᠡᠯᠡ ᠶ᠋ᠢᠨ ᠮᠡᠳᠡᢉᠡᠯᠡᠯ ᠦ᠋ᠨ ᠰᠠᠩ ᠳ᠋ᠤ ᠳ᠋ᠦᠩ ᠰᠢᠨᠵᠢᠯᠡᢉᠡ ᢈᠢᠵᠦ ᠬᠤᠪᠢ ᢈᠦᠮᠦᠨ ᠪᠦᠷᠢ ᠣᠨᠤᠭᠠ ᠲᠠᠢ ᠪᠣᠯᠬᠤ ᠶᠠᠭᠤᠮᠠ᠃ ᠡᠨᠡ ᠨᠢ ᠓᠐᠐ ᠘᠐᠐ ᠣᠨᠤᠭᠠᠨ ᠤ᠋ ᠬᠣᠭᠤᠷᠤᠨᠳᠤ ᠪᠠᠶᠢᠨᠠ᠃ ᢈᠦᠮᠦᠨ ᠪᠦᠷᠢ ᠵᠢᢉᠡᠯᠡ ᠶ᠋ᠢᠨ ᠣᠨᠤᠭᠠ ᠲᠠᠢ ᠪᠣᠯᠤᠭᠰᠠᠨ ᠢ᠋ᠶᠠᠷ ᠬᠠᠷᠠ ᠵᠢᠭᠰᠠᠭᠠᠯᠲᠠ ᢉᠡᢈᠦ ᠣᠶᠢᠯᠠᠭᠠᠯᠲᠠ ᠪᠠᠶᠢᠬᠤ ᠦᢉᠡᠢ ᠪᠣᠯᠵᠤ ᠮᠢᠨᠤ ᠣᠨᠤᠭᠠ ᢈᠡᠳᠦ ᠪᠤᠢ? ᢉᠡᠳᠡᢉ ᠢ᠋ᠶᠡᠷ ᠯᠠ ᢈᠡᠮᠵᠢᢉᠳᠡᠨᠡ᠃
ᠵᠢᢉᠡᠯᠡᠵᠢᢈᠦ ᠵᠡᠷᢉᠡᠯᠡᠯ ᠦ᠋ᠨ ᠣᠨᠤᠭᠠ ᠲᠠᠢ ᠪᠣᠯᠤᠭᠰᠠᠨ ᠢ᠋ᠶᠠᠷ ᠵᠢᢉᠡᠯᠡᠳᠦᢉᠴᠢ ᠳ᠋ᠦ ᠪᠣᠯᠤᠨ ᠰᠠᠩᢈᠦᠦ ᠶ᠋ᠢᠨ ᠰᠠᠯᠪᠤᠷᠢ ᠳ᠋ᠤ ᠬᠠᠷᠠᠭᠳᠠᠬᠤ ᠤᠴᠢᠷ ᠠ᠋ᠴᠠ ᠵᠢᢉᠡᠯᠡ ᠶ᠋ᠢᠨ ᠮᠡᠳᠡᢉᠡᠯᠡᠯ ᠦ᠋ᠨ ᠯᠠᠪᠯᠠᠭᠠ ᢈᠡᠷᠡᢉ ᠦᢉᠡᠢ ᠪᠣᠯᠵᠤ ᠣᠷᠤᠨ ᠳ᠋ᠤ ᠨᠢ ᠵᠢᢉᠡᠯᠡ ᠶ᠋ᠢᠨ ᠣᠨᠤᠭᠠᠨ ᠠ᠋ᠴᠠ ᠬᠠᠮᠢᠶᠠᠷᠴᠤ ᠣᠯᠭᠠᠬᠤ ᠵᠢᢉᠡᠯᠡ ᠶ᠋ᠢᠨ ᢈᠡᠮᠵᠢᠶᠡ ᠰᠢᠶᠢᠳᠦᢉᠳᠡᢈᠦ ᠶᠤᠮ᠃
FICO Score ᠨᠢ ᠵᠢᢉᠡᠯᠡᠳᠦᢉᠴᠢ ᠶ᠋ᠢᠨ ᠵᠢᢉᠡᠯᠡ ᠪᠡᠨ ᠲᠥᠯᠦᢈᠦ ᠮᠠᠭᠠᠳᠯᠠᠯ ᠢ᠋ ᠦᠨᠡᠯᠡᠨ ᠲᠣᠭᠠᠨ ᠤᠳᠬᠠ ᠪᠠᠷ ᠢᠯᠡᠷᢈᠡᠶᠢᠯᠡᠳᠡᢉ ᠡᠷᠦᠰᠳᠡᠯ ᠦ᠋ᠨ ᠦᠨᠡᠯᠡᢉᠡᠨ ᠦ᠋ ᠠᠷᠭᠠᠴᠢᠯᠠᠯ ᠶᠤᠮ᠃ FICO Score ᠨᠢ ᠣᠯᠠᠨ ᠤᠯᠤᠰ ᠲᠤ ᢈᠦᠯᠢᠶᠡᠨ ᠵᠥᠪᠰᠢᠶᠡᠷᠡᢉᠳᠡᢉᠰᠡᠨ᠂ ᠬᠠᠮᠤᠭ ᠤ᠋ᠨ ᠲᠦᢉᠡᠮᠡᠯ ᠠᠰᠢᠭᠯᠠᠳᠠᠭ ᠵᠢᢉᠡᠯᠡ ᠶ᠋ᠢᠨ ᠣᠨᠤᠭᠠᠨ ᠤ᠋ ᠵᠠᠭᠪᠤᠷ ᠪᠥᢉᠡᠳ ᠵᠢᢉᠡᠯᠡᠳᠦᢉᠴᠢ ᠶ᠋ᠢᠨ ᠡᠷᠦᠰᠳᠡᠯ ᠢ᠋ ᠓᠐᠐ ᠘᠕᠐ ᠣᠨᠤᠭᠠ ᠪᠠᠷ ᠢᠯᠡᠷᢈᠡᠶᠢᠯᠡᠳᠡᢉ᠃
ᠲᠤᠰ ᠣᠨᠤᠭᠠ ᠨᠢ ᠥᠨᠳᠦᠷ ᠪᠠᠶᠢᠬᠤ ᠲᠤᠰᠤᠮ ᠲᠤᠬᠠᠢ ᠶ᠋ᠢᠨ ᠵᠢᢉᠡᠯᠡᠳᠦᢉᠴᠢ ᠨᠢ ᠰᠠᠶᠢᠨ ᠪᠤᠶᠤ ᠵᠢᢉᠡᠯᠡ ᠪᠡᠨ ᠡᠷᢉᠢᠨ ᠲᠥᠯᠦᢈᠦ ᠮᠠᠭᠠᠳᠯᠠᠯ ᠥᠨᠳᠦᠷ᠂ ᠡᠷᠦᠰᠳᠡᠯ ᠪᠠᠭᠠᠲᠠᠢ ᠵᠢᢉᠡᠯᠡᠳᠦᢉᠴᠢ ᢉᠡᢉᠰᠡᠨ ᠤᠳᠬᠠ ᠢᠯᠡᠷᢈᠡᠶᠢᠯᠡᠨᠡ᠃
ᠦᠶᠢᠯᠡᠴᠢᠯᠡᢉᠡ ᠶ᠋ᠢ ᠠᠪᠬᠤ ᠶ᠋ᠢᠨ ᠲᠤᠯᠠᠳᠠ “E᠓᠆Mongolia” ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠨ ᠣᠷᠤᠵᠤ ᠬᠠᠶᠢᠯᠲᠠ ᠶ᠋ᠢᠨ ᢈᠡᠰᠡᢉ ᠲᠦ “ᠵᠢᢉᠡᠯᠡ ᠶ᠋ᠢᠨ ᠣᠨᠤᠭᠠᠨ ᠤ᠋ ᠯᠠᠪᠯᠠᠭᠠ (Fico Store)” ᠦᠶᠢᠯᠡᠴᠢᠯᠡᢉᠡᠨ ᠦ᠋ ᠨᠡᠷᠡ ᠶ᠋ᠢ ᠣᠷᠤᠭᠤᠯᠤᠨ ᠬᠠᠶᠢᠯᠲᠠ ᢈᠢᢉᠰᠡᠨ ᠢ᠋ᠶᠡᠷ ᠯᠠᠪᠯᠠᠭᠠ ᠪᠠᠨ ᠠᠪᠬᠤ ᠪᠣᠯᠤᠮᠵᠢ ᠲᠠᠢ ᠶᠠᠭᠤᠮᠠ᠃
ᠦᠶᠢᠯᠡᠴᠢᠯᠡᢉᠡ ᠠᠪᠬᠤ ᠯᠢᠨᠻ: https://e᠓᠆mongolia᠃mn/service/zeeliin᠓᠆onoony᠓᠆lavlagaa᠓᠆(fico᠓᠆score)