ᠨᠡᠶᠢᢉᠡᠮ ᠦ᠋ᠨ ᠳᠠᠭᠠᠳᠬᠠᠯ ᠲᠥᠯᠦᠵᠦ ᠪᠠᠶᠢᠭᠰᠠᠨ ᠡᠰᠡᢈᠦ ᠲᠣᠳᠤᠷᠬᠠᠶᠢᠯᠠᠯᠲᠠ ᠪᠠᠨ “E᠓᠆Mongolia”᠆᠆ ᠠ᠋ᠴᠠ ᠠᠪᠤᠭᠠᠷᠠᠢ


ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ E᠓᠆Mongoliaᠶ‍᠂ ᠡᠷᠢᠯᠲᠡ ᠲᠡᠢ ᠦᠶᠢᠯᠡᠴᠢᠯᠡᢉᠡ ᠨᠦ᠋ᢉᠦᠳ ᠦ᠋ᠨ ᠨᠢᢉᠡ ᠪᠣᠯᠬᠤ “ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠲᠥᠯᠦᠯᠲᠡ ᠶ᠋ᠢᠨ ᠲᠠᠯᠠᠭᠠᠷᢈᠢ ᠲᠣᠳᠤᠷᠬᠠᠶᠢᠯᠠᠯᠲᠠ”᠆ ᠶ᠋ᠢ ᠠᠩᠯᠢ ᠪᠣᠯᠤᠨ ᠮᠣᠩᠭᠣᠯ ᢈᠡᠯᠡ ᠳᠡᢉᠡᠷ᠎ᠡ ᠰᠢᠭᠤᠷᠬᠠᠢ ᠠᠪᠬᠤ ᠪᠣᠯᠤᠮᠵᠢ ᠶ᠋ᠢ ᠪᠦᠷᠢᠳᠦᢉᠦᠯᠦᢉᠡᠳ ᠪᠠᠭ᠎ᠠ ᠦᢉᠡᠢ ᠬᠤᠭᠤᠴᠠᠭ᠎ᠠ ᠥᠩᢉᠡᠷᠡᢉᠡᠳ ᠪᠠᠶᠢᠨ᠎ᠠ᠃

ᠡᠨᠡ ᠤᠳᠠᠭ᠎ᠠ ᠳ᠋ᠤ “ᠢ᠆ ᠮᠣᠩᠭᠤᠯ ᠠᠻᠠᠳ᠋ᠧᠮᠢ” ᠤᠲᠤᠭ ᠢᠷᢉᠡᠳ ᠡᠴᠡ ᠢᠷᠡᢉᠰᠡᠨ ᠰᠠᠨᠠᠯ ᢈᠦᠰᠡᠯᠲᠡ ᠶ᠋ᠢᠨ ᠳᠠᠭᠠᠭᠤ ᠨᠡᠶᠢᢉᠡᠮ ᠦ᠋ᠨ ᠳᠠᠭᠠᠳᠬᠠᠯ ᠤ᠋ᠨ ᠶᠡᠷᠦᠩᢈᠡᠢ ᠭᠠᠵᠠᠷ ᠲᠠᠢ ᠬᠠᠮᠲᠤᠷᠠᠨ “ᠨᠡᠶᠢᢉᠡᠮ ᠦ᠋ᠨ ᠳᠠᠭᠠᠳᠬᠠᠯ ᠲᠥᠯᠦᠵᠦ ᠪᠠᠶᠢᠭᠰᠠᠨ ᠡᠰᠡᢈᠦ” ᠲᠣᠳᠤᠷᠬᠠᠶᠢᠯᠠᠯᠲᠠ ᠶ᠋ᠢ E᠓᠆Mongolia ᠰᠢᠰᠲ᠋ᠧᠮ ᠡᠴᠡ ᠴᠠᠭ ᠠᠯᠳᠠᠯ ᠦᢉᠡᠢ ᠠᠪᠬᠤ ᠪᠣᠯᠤᠮᠵᠢ ᠶ᠋ᠢ ᠪᠦᠷᠢᠳᠦᢉᠦᠯᠦᠯ᠎ᠡ᠃

ᠤᠭ ᠦᠢᠯᠡᠴᠢᠯᠡᢉᠡ ᠨᠢ ᠒᠐᠐᠖ ᠣᠨ ᠠ᠋ᠴᠠ ᠬᠣᠶᠢᠰᠢᢈᠢ ᠮᠡᠳᠡᢉᠡᠯᠡᠯ ᠭᠠᠷᠳᠠᠭ ᠪᠥᢉᠡᠳ ᠨᠡᠶᠢᢉᠡᠮ ᠦ᠋ᠨ ᠳᠠᠭᠠᠳᠬᠠᠯ ᠲᠥᠯᠦᠳᠡᢉ ᠦᢉᠡᠢ ᠪᠣᠯᠤᠨ ᠲᠥᠯᠦᠳᠡᢉ ᠡᠰᠡᢈᠦ ᠮᠡᠳᠡᢉᠡᠯᠡᠯ ᠢ᠋ᠶᠡᠨ ᠡᠨᠡ ᠯᠠᠪᠯᠠᠭ᠎ᠠ ᠪᠠᠷ ᠬᠠᠷᠠᠵᠤ ᠪᠣᠯᠤᠨ᠎ᠠ᠃

ᠦᠶᠢᠯᠡᠴᠢᠯᠡᢉᠡ ᠶ᠋ᠢ ᠠᠪᠬᠤ ᠶ᠋ᠢᠨ ᠲᠤᠯᠠᠳᠠ “E᠓᠆Mongolia” ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠨ ᠣᠷᠤᠵᠤ ᠬᠠᠶᠢᠯᠲᠠ ᠶ᠋ᠢᠨ ᢈᠡᠰᠡᢉ ᠲᠦ “ᠨᠡᠶᠢᢉᠡᠮ ᠦ᠋ᠨ ᠳᠠᠭᠠᠳᠬᠠᠯ ᠲᠥᠯᠦᠵᠦ ᠪᠠᠶᠢᠭᠰᠠᠨ ᠡᠰᠡᢈᠦ ᠲᠣᠳᠤᠷᠬᠠᠶᠢᠯᠠᠯᠲᠠ” ᠦᠶᠢᠯᠡᠴᠢᠯᠡᢉᠡᠨ ᠦ᠋ ᠨᠡᠷ᠎ᠡ ᠶ᠋ᠢ ᠣᠷᠤᠭᠤᠯᠤᠨ ᠬᠠᠶᠢᠯᠲᠠ ᢈᠢᢉᠰᠡᠨ ᠢ᠋ᠶᠡᠷ ᠯᠠᠪᠯᠠᠭ᠎ᠠ ᠪᠠᠨ ᠠᠪᠬᠤ ᠪᠣᠯᠤᠮᠵᠢ ᠲᠠᠢ ᠶᠠᠭᠤᠮ᠎ᠠ᠃

ᠦᠶᠢᠯᠡᠴᠢᠯᠡᢉᠡ ᠠᠪᠬᠤ ᠯᠢᠨᠻ: https://e᠓᠆mongolia᠃mn/service/niigmiin᠓᠆daatgal᠓᠆tulj᠓᠆baisan᠓᠆esekh᠓᠆todorkhoilolt

ᠨᠡᠶᠢᠲᠡᠯᠡᠭᠰᠡᠨ᠄