ᠪᠢᠽᠢᠨᠧᠰ ᠡᠷᢈᠢᠯᠡᢉᠴᠢ ᢈᠦᠮᠦᠨ ᠪᠦᠷᠢ ᠳ᠋ᠦ ᠵᠣᠷᠢᠭᠤᠯᠤᠭᠰᠠᠨ E᠓᠆Business ᠰᠢᠰᠲ᠋ᠧᠮ ᠢ᠋ᠶᠡᠷ ᠬᠠᠤᠯᠢ ᠶ᠋ᠢᠨ ᠡᠲᠡᢉᠡᠳ ᠡᢉᠦᠰᢈᠡᠨ ᠪᠠᠶᠢᠭᠤᠯᠬᠤ ᠠ᠋ᠴᠠ ᠡᢈᠢᠯᠡᢉᠡᠳ ᠲᠠᠲᠠᠨ ᠪᠠᠭᠤᠯᠭᠠᠬᠤ ᢈᠦᠷᠲᠡᠯᠡ ᠪᠦᢈᠦ ᠱᠠᠲᠤ ᠶ᠋ᠢ ᠴᠠᢈᠢᠮᠵᠢᠭᠤᠯᠵᠤ᠂ ᠪᠦᢈᠦ ᠲᠥᠷᠦᠯ ᠦ᠋ᠨ ᠵᠥᠪᠰᠢᠶᠡᠷᠡᠯ ᢈᠦᠰᠡᢈᠦ᠂ ᠰᠤᠩᠭᠠᠬᠤ ᠰᠢᠢᠳᠦᠯ ᠦ᠋ᠳ ᠢ᠋ ᠨᠢᢉᠡ ᠳᠣᠣᠷᠠ ᠠ᠋ᠴᠠ ᠠᠪᠬᠤ ᠪᠣᠯᠤᠮᠵᠢ ᠪᠦᠷᠢᠳᠦᢉᠡᠳ ᠪᠠᠭᠠ ᠦᢉᠡᠢ ᠬᠤᠭᠤᠴᠠᠭᠠ ᠥᠩᢉᠡᠷᠡᢉᠰᠡᠨ᠃ ᠪᠢᠽᠢᠨᠧᠰ ᠡᠷᢈᠢᠯᠡᢉᠴᠢᠳ ᠦ᠋ᠨ ᠴᠠᠭ ᠢ᠋ ᢈᠡᠮᠨᠡᢈᠦ ᠢᠯᠡᢉᠦᠦ ᢈᠢᠯᠪᠠᠷ᠂ ᢈᠦᠷᠲᠡᢉᠡᠮᠵᠢ ᠲᠡᠢ ᠪᠠᠶᠢᠬᠤ ᠲᠠᠯᠠ ᠳᠡᢉᠡᠷᠡ “ᠢ᠆ ᠮᠣᠩᠭᠤᠯ ᠠᠻᠠᠳ᠋ᠧᠮᠢ” ᠤᠲᠤᠭ ᠨᠢ ᠬᠣᠯᠪᠤᠭᠳᠠᠬᠤ ᠪᠠᠶᠢᠭᠤᠯᠤᠯᠭᠠ ᠨᠤᠭᠤᠳ ᠲᠠᠢ ᠬᠠᠮᠲᠤᠷᠠᠨ ᠳᠠᠷᠠᠭᠠ ᠳᠠᠷᠠᠭᠠ ᠶ᠋ᠢᠨ ᠡᠷᠢᠯᠲᠡ ᠲᠡᠢ ᠦᠶᠢᠯᠡᠴᠢᠯᠡᢉᠡ ᠨᠦ᠋ᢉᠦᠳ ᠢ᠋ ᠴᠠᠭ ᠠᠯᠳᠠᠯ ᠦᢉᠡᠢ ᠨᠡᠪᠲᠡᠷᠡᢉᠦᠯᠵᠦ ᠪᠠᠶᠢᠨᠠ᠃
ᠡᢉᠦᠨ ᠦ᠋ ᠨᠢᢉᠡ ᠨᠢ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠶ᠋ᠢᠨ ᠭᠠᠵᠠᠷ ᠲᠠᠢ ᠬᠠᠮᠲᠤᠷᠠᠨ ᠬᠠᠤᠯᠢ ᠶ᠋ᠢᠨ ᠡᠲᠡᢉᠡᠳ ᠦ᠋ᠨ ᠨᠡᠷᠡ ᠶ᠋ᠢᠨ ᠪᠠᠲᠤᠯᠠᠭᠠᠵᠢᠭᠤᠯᠤᠯᠲᠠ ᠶ᠋ᠢᠨ ᠬᠤᠭᠤᠴᠠᠭᠠ ᠶ᠋ᠢ ᠴᠠᢈᠢᠮ ᠢ᠋ᠶᠠᠷ ᠰᠤᠩᠭᠠᠬᠤ ᠪᠣᠯᠤᠮᠵᠢ ᠶ᠋ᠢ ᠪᠦᠷᠢᠳᠦᢉᠦᠯᠦᠯᠡ᠃
ᠬᠠᠤᠯᠢ ᠶ᠋ᠢᠨ ᠡᠲᠡᢉᠡᠳ ᠦ᠋ᠨ ᠪᠠᠲᠤᠯᠠᠭᠠᠵᠢᠭᠰᠠᠨ ᠣᠨᠤᠭᠠᠭᠰᠠᠨ ᠨᠡᠷᠡ ᠨᠢ ᠬᠠᠤᠯᠢ ᠶ᠋ᠢᠨ ᠡᠲᠡᢉᠡᠳ ᠦ᠋ᠨ ᠤᠯᠤᠰ ᠤ᠋ᠨ ᠪᠦᠷᠢᠳᢈᠡᠯ ᠦ᠋ᠨ ᠲᠤᠬᠠᠢ ᠬᠠᠤᠯᠢ ᠶ᠋ᠢᠨ ᠑᠓᠂᠔ ᠳ᠋ᠦ᠋ᢉᠡᠷ ᠲᠦ ᠵᠢᠭᠠᠭᠰᠠᠨ ᠤ᠋ ᠳᠠᠭᠠᠭᠤ ᠡᠷᠭᠤᠳᠡᠯ ᠭᠠᠷᠭᠠᠭᠴᠢ ᠰᠢᠨᠡ ᠪᠡᠷ ᠪᠣᠯᠤᠨ ᠥᢉᠡᠷᠡᠴᠢᠯᠡᠨ ᠪᠠᠶᠢᠭᠤᠯᠬᠤ ᠵᠠᠮ ᠢ᠋ᠶᠠᠷ ᠰᠢᠨᠡ ᠪᠡᠷ ᠪᠠᠶᠢᠭᠤᠯᠤᠭᠳᠠᠬᠤ ᠬᠠᠤᠯᠢ ᠶ᠋ᠢᠨ ᠡᠲᠡᢉᠡᠳ ᠢ᠋ ᠪᠦᠷᠢᠳᢈᠡᢉᠦᠯᢈᠦ ᠡᠷᢉᠦᠳᠡᠯ ᠢ᠋ ᠨᠡᠷᠡ ᠶ᠋ᠢ ᠪᠠᠲᠤᠯᠠᠭᠠᠵᠢᠭᠤᠯᠤᠭᠰᠠᠨ ᠠ᠋ᠴᠠ ᠬᠣᠶᠢᠰᠢ ᠓᠐ ᠬᠣᠨᠤᠭ ᠤ᠋ᠨ ᠳᠣᠲᠤᠷᠠ ᠤᠯᠤᠰ ᠤ᠋ᠨ ᠪᠦᠷᠢᠳᢈᠡᠯ ᠦ᠋ᠨ ᠪᠠᠶᠢᠭᠤᠯᠤᠯᠭᠠ ᠳ᠋ᠤ ᠭᠠᠷᠭᠠᠨᠠ ᢉᠡᠵᠦ ᠵᠢᠭᠠᠭᠰᠠᠨ ᠪᠠᠶᠢᠳᠠᠭ᠃
ᠬᠤᠭᠤᠴᠠᠭᠠ ᠳᠠᠭᠤᠰᠬᠤ ᠠ᠋ᠴᠠ ᠡᠮᠦᠨᠡ ᢈᠦᠰᠡᠯᠲᠡ ᠭᠠᠷᠭᠠᠭᠰᠠᠨ ᠪᠣᠯ ᠨᠡᠷᠡ ᠶ᠋ᠢᠨ ᠪᠠᠲᠤᠯᠠᠭᠠᠵᠢᠭᠤᠯᠤᠯᠲᠠ ᠶ᠋ᠢᠨ ᠬᠤᠭᠤᠴᠠᠭᠠ ᠶ᠋ᠢ “ᠬᠠᠤᠯᠢ ᠶ᠋ᠢᠨ ᠡᠲᠡᢉᠡᠳ ᠦ᠋ᠨ ᠨᠡᠷᠡ ᠪᠠᠲᠤᠯᠠᠭᠠᠵᠢᠭᠤᠯᠬᠤ ᠵᠢᠷᠤᠮ”᠆ ᠨ ᠔᠂᠖ ᠳ᠋ᠢ ᠵᠢᠭᠠᠭᠰᠠᠨ ᠤ᠋ ᠳᠠᠭᠠᠭᠤ ᠖᠐ ᠬᠣᠨᠤᠭ ᠢ᠋ᠶᠠᠷ ᠰᠤᠩᠭᠠᠵᠤ ᠪᠣᠯᠬᠤ ᠪᠥᢉᠡᠳ ᠤᠭ ᠵᠢᠷᠤᠮ ᠤ᠋ᠨ ᠳᠠᠭᠠᠭᠤ ᠲᠤᠰᠠ ᠦᠶᠢᠯᠡᠴᠢᠯᠡᢉᠡ ᠶ᠋ᠢ ᠰᠣᠩᠭᠤᠨ ᠣᠷᠤᠬᠤ ᠳ᠋ᠤ ᠲᠤᠬᠠᠢ ᠶ᠋ᠢᠨ ᢈᠦᠮᠦᠨ ᠳᠡᢉᠡᠷᠡ ᠢᠳᠡᠪᢈᠢ ᠲᠡᠢ ᠪᠠᠶᠢᠭᠠ ᠣᠨᠤᠭᠠᠭᠰᠠᠨ ᠨᠡᠷᠡ ᠶ᠋ᠢᠨ ᠵᠢᠭᠰᠠᠭᠠᠯᠲᠠ ᠬᠠᠷᠠᠭᠳᠠᠨᠠ᠃ ᠨᠢᢉᠡ ᠤᠳᠠᠭᠠ ᠳ᠋ᠤ ᠵᠥᠪᢈᠡᠨ ᠨᠢᢉᠡ ᠨᠡᠷᠡ ᠶ᠋ᠢ ᠯᠠ ᠰᠣᠩᠭᠤᠵᠤ ᢈᠦᠰᠡᠯᠲᠡ ᠶᠠᠪᠤᠭᠤᠯᠬᠤ ᠪᠣᠯᠤᠮᠵᠢ ᠲᠠᠢ ᠲᠤᠯᠠ ᠲᠥᠯᠦᠪᠦᠷᠢ ᠪᠡᠨ ᠲᠥᠯᠦᢉᠡᠳ ᢈᠦᠰᠡᠯᠲᠡ ᠪᠡᠨ ᠢᠯᠡᢉᠡᢉᠰᠡᠨ ᠲᠣᢈᠢᠶᠠᠯᠳᠤᠯ ᠳ᠋ᠤ ᠬᠤᠭᠤᠴᠠᠭᠠ ᠰᠢᠭᠤᠳ ᠰᠤᠩᠭᠠᠭᠳᠠᠬᠤ ᠶᠠᠭᠤᠮᠠ᠃
ᠦᠶᠢᠯᠡᠴᠢᠯᠡᢉᠡ ᠶ᠋ᠢ ᠠᠪᠬᠤ ᠶ᠋ᠢᠨ ᠲᠤᠯᠠᠳᠠ E᠓᠆Business ᠰᠢᠰᠲ᠋ᠧᠮ ᠳ᠋ᠦ ᠨᠡᠪᠲᠡᠷᠡᠨ “ᠦᠶᠢᠯᠡᠴᠢᠯᠡᢉᠡ ᠨᠦ᠋ᢉᠦᠳ” ᠼᠧᠰᠧᠧ “ᠬᠠᠤᠯᠢ ᠶ᠋ᠢᠨ ᠡᠲᠡᢉᠡᠳ ᠦ᠋ᠨ ᠨᠡᠷᠡ ᠶ᠋ᠢᠨ ᠪᠠᠲᠤᠯᠠᠭᠠᠵᠢᠭᠤᠯᠤᠯᠲᠠ ᠶ᠋ᠢᠨ ᠬᠤᠭᠤᠴᠠᠭᠠ ᠰᠤᠩᠭᠠᠬᠤ” ᠦᠶᠢᠯᠡᠴᠢᠯᠡᢉᠡ ᠶ᠋ᠢ ᠰᠣᠩᠭᠤᠨᠠ᠃ ᠲᠠᠨ ᠳ᠋ᠤ ᠪᠦᠷᠢᠳᢈᠡᠯ ᠲᠡᠢ ᠪᠠᠲᠤᠯᠠᠭᠠᠵᠢᠭᠤᠯᠤᠭᠰᠠᠨ ᠬᠠᠤᠯᠢ ᠶ᠋ᠢᠨ ᠡᠲᠡᢉᠡᠳ ᠦ᠋ᠨ ᠨᠡᠷᠡ ᠶ᠋ᠢᠨ ᠵᠢᠭᠰᠠᠭᠠᠯᠲᠠ ᠭᠠᠷᠴᠤ ᠢᠷᠡᢈᠦ ᠪᠥᢉᠡᠳ ᠬᠤᠭᠤᠴᠠᠭᠠ ᠰᠤᠩᠭᠠᠬᠤ ᠨᠡᠷᠡ ᠶ᠋ᠢ ᠰᠣᠩᠭᠤᠨ “ᠦᠷᢉᠦᠯᠵᠢᠯᠡᢉᠦᠯᢈᠦ” ᠲᠣᠪᠴᠢ ᠶ᠋ᠢ ᠳᠠᠷᠤᠨᠠ᠃
ᠡᢉᠦᠨ ᠦ᠋ ᠳᠠᠷᠠᠭᠠ /ᠬᠣᠯᠪᠤᠭᠠ ᠪᠠᠷᠢᠬᠤ/ ᠲᠠᠯᠠᠪᠤᠷ ᠤ᠋ᠨ ᠮᠡᠳᠡᢉᠡᠯᠡᠯ ᠢ᠋ ᠪᠦᠷᠢᠨ ᢉᠦᠢᠴᠡᠳ ᠣᠷᠤᠭᠤᠯᠵᠤ᠂ ᠦᠢᠯᠡᠴᠢᠯᠡᢉᠡᠨ ᠦ᠋ ᠲᠥᠯᠦᠪᠦᠷᠢ ᠶ᠋ᠢ ᠲᠥᠯᠦᢉᠰᠡᠨ ᠢ᠋ᠶᠡᠷ ᠲᠠᠨ ᠤ᠋ ᠡᢉᠦᠰᢈᠡᢉᠰᠡᠨ ᠨᠡᠷᠡ ᠶ᠋ᠢᠨ ᠪᠠᠲᠤᠯᠠᠭᠠᠵᠢᠭᠤᠯᠤᠯᠲᠠ ᠶ᠋ᠢᠨ ᠬᠤᠭᠤᠴᠠᠭᠠ ᠠᠮᠵᠢᠯᠲᠠ ᠲᠠᠢ ᠰᠤᠩᠭᠠᠭᠳᠠᠬᠤ ᠪᠣᠯᠤᠨᠠ᠃
E᠓᠆Business ᠲᠠᠨ ᠳ᠋ᠤ ᠵᠣᠷᠢᠭᠤᠯᠪᠠ