ᠦᠶᠢᠯᠡᠳᠪᠦᠷᠢᠯᠡᠯ᠂ ᠦᠢᠯᠡᠴᠢᠯᠡᢉᠡᠨ ᠦ᠋ ᠮᠠᠱᠢᠨ᠋ ᠮᠧᠬᠠᠨᠢᠰᠮ᠂ ᠲᠣᠨᠤᠭ ᠲᠥᢈᠦᢉᠡᠷᠦᠮᠵᠢ ᠳ᠋ᠦ ᢉᠡᠷᠡᠴᠢᠯᠡᢉᠡ ᠣᠯᠭᠠᠬᠤ ᠦᠶᠢᠯᠡᠴᠢᠯᠡᢉᠡ ᠴᠠᢈᠢᠮᠵᠢᠯ᠎ᠠ


ᠪᠢᠽᠢᠨᠧᠰ ᠡᠷᢈᠢᠯᠡᢉᠴᠢ ᢈᠦᠮᠦᠨ ᠪᠦᠷᠢ ᠳ᠋ᠦ ᠵᠣᠷᠢᠭᠤᠯᠤᠭᠰᠠᠨ E᠓᠆Business ᠰᠢᠰᠲ᠋ᠧᠮ ᠢ᠋ᠶᠡᠷ ᠬᠠᠤᠯᠢ ᠶ᠋ᠢᠨ ᠡᠲᠡᢉᠡᠳ ᠡᢉᠦᠰᢈᠡᠨ ᠪᠠᠶᠢᠭᠤᠯᠬᠤ ᠠ᠋ᠴᠠ ᠡᢈᠢᠯᠡᢉᠡᠳ ᠲᠠᠲᠠᠨ ᠪᠠᠭᠤᠯᠭᠠᠬᠤ ᢈᠦᠷᠲᠡᠯ᠎ᠡ ᠪᠦᢈᠦ ᠱᠠᠲᠤ ᠶ᠋ᠢ ᠴᠠᢈᠢᠮᠵᠢᠭᠤᠯᠵᠤ᠂ ᠪᠦᢈᠦ ᠲᠥᠷᠦᠯ ᠦ᠋ᠨ ᠵᠥᠪᠰᠢᠶᠡᠷᠡᠯ ᢈᠦᠰᠡᢈᠦ᠂ ᠰᠤᠩᠭᠠᠬᠤ ᠰᠢᠢᠳᠦᠯ ᠦ᠋ᠳ ᠢ᠋ ᠨᠢᢉᠡ ᠳᠣᠣᠷ᠎ᠠ ᠠ᠋ᠴᠠ ᠠᠪᠬᠤ ᠪᠣᠯᠤᠮᠵᠢ ᠶ᠋ᠢ “ᠢ᠆ ᠮᠣᠩᠭᠤᠯ ᠠᠻᠠᠳ᠋ᠧᠮᠢ” ᠤᠲᠤᠭ ᠨᠢ ᠬᠣᠯᠪᠤᠭᠳᠠᠬᠤ ᠪᠠᠶᠢᠭᠤᠯᠤᠯᠭ᠎ᠠ ᠨᠤᠭᠤᠳ ᠲᠠᠢ ᠬᠠᠮᠲᠤᠷᠠᠨ ᠪᠦᠷᠢᠳᠦᢉᠦᠯᠦᢉᠰᠡᢉᠡᠷ ᠪᠠᠶᠢᠨ᠎ᠠ᠃

ᢉᠡᠷ ᠪᠦᠯᠢ᠂ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤ ᠲᠠᠢ ᠬᠠᠮᠲᠤᠷᠠᠨ ᠦᠢᠯᠡᠳᠪᠦᠷᠢᠯᠡᠯ᠂ ᠦᠢᠯᠡᠴᠢᠯᠡᢉᠡᠨ ᠦ᠋ ᠮᠠᠱᠢᠨ ᠮᠧᢈᠠᠨᠢᠰᠮ᠂ ᠲᠣᠨᠤᠭ ᠲᠥᢈᠦᢉᠡᠷᠦᠮᠵᠢ ᠳ᠋ᠦ ᢉᠡᠷᠡᠴᠢᠯᠡᢉᠡ ᠣᠯᠭᠠᠬᠤ ᠦᠶᠢᠯᠡᠴᠢᠯᠡᢉᠡ ᠶ᠋ᠢ ᠴᠠᢈᠢᠮᠵᠢᠭᠤᠯᠤᠯᠤᠭ᠎ᠠ᠃ ᠠᠶᠤᠯ ᠦᢉᠡᠢ ᠪᠠᠶᠢᠳᠠᠯ ᠢ᠋ ᠬᠠᠩᠭᠠᠭᠰᠠᠨ ᠮᠠᠱᠢᠨ ᠮᠧᢈᠠᠨᠢᠰᠮ᠂ ᠲᠣᠨᠤᠭ ᠲᠥᢈᠦᢉᠡᠷᠦᠮᠵᠢ ᠳᠡᢉᠡᠷ᠎ᠡ ᠠᠵᠢᠯᠲᠠᠨ ᠢ᠋ ᠠᠵᠢᠯᠯᠠᠭᠤᠯᠬᠤ ᠨᠥᢈᠦᠴᠡᠯ ᠢ᠋ ᠪᠦᠷᠢᠳᠦᢉᠦᠯᢈᠦ᠂ ᠠᠵᠢᠯ ᠣᠯᠭᠠᠭᠴᠢ ᠠ᠋ᠴᠠ ᠦᠶᠢᠯᠡᠳᠪᠦᠷᠢᠯᠡᠯ ᠦ᠋ᠨ ᠵᠣᠷᠢᠭᠤᠯᠤᠯᠲᠠ ᠲᠠᠢ ᢈᠦᠮᠦᠨ ᠦ᠋ ᠡᠷᠡᢉᠦᠯ ᠮᠡᠨᠳᠦ ᠳ᠋ᠦ ᠠᠶᠤᠯ ᠤᠴᠠᠷᠠᠭᠤᠯᠵᠤ ᠪᠣᠯᠬᠤ ᠮᠠᠱᠢᠨ ᠮᠧᢈᠠᠨᠢᠰᠮ᠂ ᠲᠣᠨᠤᠭ ᠲᠥᢈᠦᢉᠡᠷᠦᠮᠵᠢ ᠶ᠋ᠢ ᠰᠢᠨ᠎ᠡ ᠪᠡᠷ ᠰᠠᠭᠤᠷᠢᠯᠠᠭᠤᠯᠬᠤ᠂ ᠶᠡᢈᠡ ᠵᠠᠰᠠᠪᠤᠷᠢ ᠶ᠋ᠢᠨ ᠳᠠᠷᠠᠭ᠎ᠠ ᠠᠰᠢᠭᠯᠠᠯᠲᠠ ᠳ᠋ᠤ ᠣᠷᠤᠭᠤᠯᠬᠤ ᠳ᠋ᠤ ᠪᠠᠨ ᠤᠭ ᠮᠠᠱᠢᠨ ᠮᠧᢈᠠᠨᠢᠰᠮ᠂ ᠲᠣᠨᠤᠭ ᠲᠥᢈᠦᢉᠡᠷᠦᠮᠵᠢ ᠨᠢ ᢈᠥᠳᠡᠯᠮᠦᠷᠢ ᠶ᠋ᠢᠨ ᠠᠶᠤᠯ ᠦᢉᠡᠢ ᠠᠵᠢᠯᠯᠠᠭ᠎ᠠ᠂ ᠡᠷᠡᢉᠦᠯ ᠠᠬᠤᠢ ᠶ᠋ᠢᠨ ᠱᠠᠭᠠᠷᠳᠠᠯᠭ᠎ᠠ ᠬᠠᠩᠭᠠᠵᠤ ᠪᠤᠢ ᠡᠰᠡᢈᠦ ᠶ᠋ᠢ ᢈᠢᠨᠠᠨ ᠪᠠᠲᠤᠯᠠᠭᠠᠵᠢᠭᠤᠯᠬᠤ ᠦᠶᠢᠯᠡᠴᠢᠯᠡᢉᠡ ᠶᠠᠭᠤᠮ᠎ᠠ᠃

ᠦᠶᠢᠯᠡᠴᠢᠯᠡᢉᠡ ᠶ᠋ᠢ ᠠᠪᠬᠤ ᠶ᠋ᠢᠨ ᠲᠤᠯᠠᠳᠠ E᠓᠆Business ᠰᠢᠰᠲ᠋ᠧᠮ ᠳ᠋ᠦ ᠨᠡᠪᠲᠡᠷᠡᠨ “ᠦᠶᠢᠯᠡᠴᠢᠯᠡᢉᠡ ᠨᠦ᠋ᢉᠦᠳ” ᠼᠧᠰᠧᠧ “ᠦᠶᠢᠯᠡᠳᠪᠦᠷᠢᠯᠡᠯ ᠶᠢᠢᠯᠡᠴᠢᠯᠡᢉᠡᠨ ᠦ᠋ ᠮᠠᠱᠢᠨ ᠮᠧᢈᠠᠨᠢᠰᠮ᠂ ᠲᠣᠨᠤᠭ ᠲᠥᢈᠦᢉᠡᠷᠦᠮᠵᠢ ᠳ᠋ᠦ ᢉᠡᠷᠡᠴᠢᠯᠡᢉᠡ ᠣᠯᠭᠠᠬᠤ(ᠨᠢᢉᠡ ᠤᠳᠠᠭ᠎ᠠ ᠳ᠋ᠤ)” ᠦᠶᠢᠯᠡᠴᠢᠯᠡᢉᠡ ᠶ᠋ᠢ ᠰᠣᠩᠭᠤᠬᠤ ᠪᠥᢉᠡᠳ ᠲᠤᠰᠠ ᠦᠶᠢᠯᠡᠴᠢᠯᠡᢉᠡ ᠨᠢ ᠠᠵᠢᠯ ᠤ᠋ᠨ ᠑᠐ ᠬᠣᠨᠤᠭ ᠤ᠋ᠨ ᠳᠣᠲᠤᠷ᠎ᠠ ᠰᠢᠶᠢᠳᠪᠦᠷᠢᠯᠡᢉᠳᠡᠨ ᢉᠡᠷᠡᠴᠢᠯᠡᢉᠡ ᠲᠠᠨᠢ ᠭᠠᠷᠬᠤ ᠶᠠᠭᠤᠮ᠎ᠠ᠃

ᠦᠶᠢᠯᠡᠴᠢᠯᠡᢉᠡ ᠰᠢᠭᠤᠳ ᠠᠪᠬᠤ ᠯᠢᠨᠻ: https://e᠓᠆business᠃mn/category/service/uildverleluilchilgeenii᠓᠆mashin᠓᠆myekhanizm᠓᠆tonog᠓᠆tukhuurumjid᠓᠆gerchilgee᠓᠆olgokh(neg᠓᠆udaad)

ᠨᠡᠶᠢᠲᠡᠯᠡᠭᠰᠡᠨ᠄