ᠲᠥᠷᠦ ᠶ᠋ᠢᠨ ᠠᠯᠪᠠᠨ ᠤ᠋ ᠵᠥᠪᠯᠡᠯ ᠦ᠋ᠨ ᠓ ᠦᠶᠢᠯᠡᠴᠢᠯᠡᢉᠡ ᠶ᠋ᠢ E᠓᠆Mongolia ᠰᠢᠰᠲ᠋ᠧᠮ ᠡᠴᠡ ᠴᠠᢈᠢᠮ ᠢ᠋ᠶᠠᠷ ᠠᠪᠬᠤ ᠪᠣᠯᠤᠮᠵᠢ ᠲᠠᠢ ᠪᠣᠯᠤᠯᠤᠭ᠎ᠠ


ᠲᠥᠷᠦ ᠶ᠋ᠢᠨ ᠠᠯᠪᠠᠨ ᠬᠠᠭᠠᠭᠴᠢ ᠶ᠋ᠢᠨ ᠲᠣᠭ᠎ᠠ ᠨᠢ ᠮᠣᠩᠭᠣᠯ ᠤᠯᠤᠰ ᠤ᠋ᠨ ᠨᠡᠶᠢᠲᠡ ᢈᠦᠮᠦᠨ ᠠᠮᠠ ᠶ᠋ᠢᠨ ᠖᠂᠖᠗ ᠬᠤᠪᠢ᠂ ᠨᠡᠶᠢᠲᠡ ᠠᠵᠢᠯᠯᠠᠬᠤ ᢈᠦᠴᠦᠨ ᠦ᠋ ᠑᠘᠂᠒ ᠬᠤᠪᠢ ᠶ᠋ᠢ ᠡᠵᠡᠯᠡᠵᠦ ᠪᠠᠶᠢᠨ᠎ᠠ᠃ ᠒᠐᠒᠓ ᠣᠨ ᠤ᠋ ᠨᠢᢉᠡᠳᠦᢉᠰᠡᠨ ᠲᠣᠭᠠᠨ ᠮᠡᠳᠡᢉᠡᠯᠡᠯ ᠢ᠋ᠶᠡᠷ ᠔᠒᠓᠙ ᠪᠠᠶᠢᠭᠤᠯᠤᠯᠭ᠎ᠠ᠂ ᠒᠒᠖᠔᠙᠖ ᠠᠯᠪᠠᠨ ᠬᠠᠭᠠᠭᠴᠢ ᠪᠦᠷᠢᠳᢈᠡᢉᠳᠡᢉᠰᠡᠨ ᠨᠢ ᠡᠮᠦᠨᠡᢈᠢ ᠣᠨ ᠤ᠋ ᠮᠥᠨ ᠦᠶ᠎ᠡ ᠲᠡᠢ ᠬᠠᠷᠢᠴᠠᠭᠤᠯᠬᠤ ᠳ᠋ᠤ ᠲᠥᠷᠦ ᠶ᠋ᠢᠨ ᠠᠯᠪᠠᠨ ᠬᠠᠭᠠᠭᠴᠢ ᠶ᠋ᠢᠨ ᠲᠣᠭ᠎ᠠ ᠑᠒᠙᠑ ᠪᠤᠶᠤ ᠐᠂᠖ ᠬᠤᠪᠢ ᠪᠠᠷ ᠥᠰᠦᢉᠰᠡᠨ ᠦᠵᠡᢉᠦᠯᠦᠯᠲᠡ ᠲᠡᠢ ᠪᠠᠶᠢᠨ᠎ᠠ᠃

“ᠢ᠆ ᠮᠣᠩᠭᠤᠯ ᠠᠻᠠᠳ᠋ᠧᠮᠢ” ᠤᠲᠤᠭ ᠨᠢ ᠲᠥᠷᠦ ᠶ᠋ᠢᠨ ᠠᠯᠪᠠᠨ ᠤ᠋ ᠵᠥᠪᠯᠡᠯ ᠲᠡᠢ ᠬᠠᠮᠲᠤᠷᠠᠨ ᠲᠥᠷᠦ ᠶ᠋ᠢᠨ ᠠᠯᠪᠠᠨ ᠬᠠᠭᠠᠭᠴᠢᠳ ᠲᠤ ᢈᠡᠷᠡᢉᠴᠡᢉᠡ ᠱᠠᠭᠠᠷᠳᠠᠯᠭ᠎ᠠ ᠲᠠᠢ ᠳᠠᠷᠠᠭᠠᢈᠢ ᠓ ᠦᠶᠢᠯᠡᠴᠢᠯᠡᢉᠡ ᠶ᠋ᠢ ᠴᠠᢈᠢᠮᠵᠢᠭᠤᠯᠤᠯ᠎ᠠ᠃

ᠡᢉᠦᠨ ᠳ᠋ᠦ:

ᠲᠥᠷᠦ ᠶ᠋ᠢᠨ ᠵᠢᠩᢈᠢᠨᠢ ᠠᠯᠪᠠᠨ ᠤ᠋ ᠰᠢᠯᠭᠠᠯᠲᠠ ᠥᢉᠴᠦ ᠲᠡᠩᠴᠡᠨ᠂ ᠨᠥᢉᠡᠴᠡ ᠳ᠋ᠦ ᠪᠦᠷᠢᠳᢈᠡᢉᠳᠡᢉᠰᠡᠨ ᠲᠤᠬᠠᠢ ᠯᠠᠪᠯᠠᠭ᠎ᠠ (ᠲᠤᠰ ᠯᠠᠪᠯᠠᠭ᠎ᠠ ᠨᠢ ᠨᠥᢉᠡᠴᠡ ᠳ᠋ᠦ ᠪᠦᠷᠢᠳᢈᠡᠯ ᠦᢉᠡᠢ ᢈᠦᠮᠦᠨ ᠳ᠋ᠦ ᠴᠤ ᠪᠦᠷᠢᠳᢈᠡᠯ ᠦᢉᠡᠢ ᠪᠠᠶᠢᠨ᠎ᠠ ᢉᠡᢉᠰᠡᠨ ᠤᠳᠬ᠎ᠠ ᠲᠠᠢ ᠪᠠᠷ ᠯᠠᠪᠯᠠᠭ᠎ᠠ ᢈᠡᠯᠪᠡᠷᠢ ᠪᠡᠷ ᠬᠠᠷᠠᠭᠳᠠᠨ᠎ᠠ᠃)
ᠲᠥᠷᠦ ᠶ᠋ᠢᠨ ᠠᠯᠪᠠᠨ ᠬᠠᠭᠠᠭᠴᠢ ᠶ᠋ᠢᠨ ᠴᠠᠯᠢᠩ ᠤ᠋ᠨ ᠲᠤᠬᠠᠢ ᠲᠣᠳᠤᠷᠬᠠᠶᠢᠯᠠᠯᠲᠠ
ᠲᠥᠷᠦ ᠶ᠋ᠢᠨ ᠠᠯᠪᠠᠨ ᠳ᠋ᠤ ᠠᠵᠢᠯᠯᠠᠵᠤ ᠪᠤᠢ ᠠᠯᠪᠠᠨ ᠬᠠᠭᠠᠭᠴᠢ ᠶ᠋ᠢᠨ ᠲᠣᠳᠤᠷᠬᠠᠶᠢᠯᠠᠯᠲᠠ ᠨᠤᠭᠤᠳ ᠢ᠋ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ E᠓᠆Mongoliaᠶᠢᠰ ᠠᠪᠬᠤ ᠪᠣᠯᠤᠮᠵᠢ ᠲᠠᠢ ᠪᠣᠯᠤᠯᠤᠭ᠎ᠠ᠃
ᠦᠶᠢᠯᠡᠴᠢᠯᠡᢉᠡ ᠶ᠋ᠢ ᠠᠪᠬᠤ ᠶ᠋ᠢᠨ ᠲᠤᠯᠠᠳᠠ “E᠓᠆Mongolia” ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠨ ᠣᠷᠤᠵᠤ ᠬᠠᠶᠢᠯᠲᠠ ᠶ᠋ᠢᠨ ᢈᠡᠰᠡᢉ ᠲᠦ ᠦᠶᠢᠯᠡᠴᠢᠯᠡᢉᠡᠨ ᠦ᠋ ᠨᠡᠷ᠎ᠡ ᠶ᠋ᠢ ᠣᠷᠤᠭᠤᠯᠤᠭᠰᠠᠨ ᠢ᠋ᠶᠠᠷ ᠲᠤᠰᠠ ᠦᠶᠢᠯᠡᠴᠢᠯᠡᢉᠡ ᠨᠦ᠋ᢉᠦᠳ ᠢ᠋ ᠠᠪᠬᠤ ᠪᠣᠯᠤᠮᠵᠢ ᠲᠠᠢ ᠶᠠᠭᠤᠮ᠎ᠠ᠃

ᠲᠥᠷᠦ ᠶ᠋ᠢᠨ ᠠᠯᠪᠠᠨ ᠬᠠᠭᠠᠭᠴᠢᠳ ᠲᠤ ᠵᠣᠷᠢᠭᠤᠯᠤᠭᠰᠠᠨ ᠦᠢᠯᠡᠴᠢᠯᠡᢉᠡ ᠴᠠᢈᠢᠮᠵᠢᠭᠰᠠᠨ ᠢ᠋ᠶᠠᠷ ᠨᠡᠩ ᠱᠠᠭᠠᠷᠳᠠᠯᠭᠠᠲᠠᠢ ᠦᠶᠢᠯᠡᠴᠢᠯᠡᢉᠡ ᠪᠡᠨ ᠲᠦᠷᢉᠡᠨ ᠰᠢᠭᠤᠷᠬᠠᠢ ᠠᠪᠬᠤ᠂ ᠮᠡᠳᠡᢉᠡᠯᠡᠯ ᠦ᠋ᠨ ᠢᠯᠡ ᠲᠣᠳᠤ ᠪᠠᠶᠢᠳᠠᠯ ᠢ᠋ ᠬᠠᠩᠭᠠᠬᠤ᠂ ᠲᠥᠷᠦ ᠳ᠋ᠦ ᠪᠠᠶᠢᠭ᠎ᠠ ᠢᠷᢉᠡᠨ ᠦ᠋ ᠮᠡᠳᠡᢉᠡᠯᠡᠯ ᠢ᠋ ᠲᠤᠬᠠᠢ ᠶ᠋ᠢᠨ ᠢᠷᢉᠡᠨ ᠡᠴᠡ ᠱᠠᠭᠠᠷᠳᠠᠬᠤ ᠦᢉᠡᠢ ᠪᠡᠷ ᠦᠶᠢᠯᠡᠴᠢᠯᠡᢉᠡ ᠪᠡᠨ ᢈᠢᠯᠪᠠᠷ ᠢ᠋ᠶᠠᠷ ᠠᠪᠬᠤ ᠪᠣᠯᠤᠮᠵᠢ ᠨᠤᠭᠤᠳ ᠪᠦᠷᠢᠳᠴᠦ ᠪᠠᠶᠢᠭ᠎ᠠ ᠶᠠᠭᠤᠮ᠎ᠠ᠃

ᠴᠠᠭᠠᠰᠢᠳᠠ ᠲᠥᠷᠦ ᠶ᠋ᠢᠨ ᠠᠯᠪᠠᠨ ᠬᠠᠭᠠᠭᠴᠢᠳ ᠲᠤ ᠨᠡᠩ ᠲᠡᠷᠢᢉᠦᠨ ᠦ᠋ ᠱᠠᠭᠠᠷᠳᠠᠯᠭᠠᠲᠠᠢ ᠦᠶᠢᠯᠡᠴᠢᠯᠡᢉᠡ ᠶ᠋ᠢ ᠴᠠᢈᠢᠮᠵᠢᠭᠤᠯᠬᠤ ᠪᠠᠷ ᠠᠵᠢᠯᠯᠠᠵᠤ ᠪᠠᠶᠢᠨ᠎ᠠ᠃

ᠨᠡᠶᠢᠲᠡᠯᠡᠭᠰᠡᠨ᠄