ᠴᠡᠷᠢᢉ ᠦ᠋ᠨ ᠠᠯᠪᠠᠨ ᠤ᠋ ᠲᠤᠬᠠᠢ ᠬᠠᠤᠯᠢ ᠶ᠋ᠢᠨ ᠔ ᠳ᠋᠋ᠦ᠋ᢉᠡᠷ ᠵᠦᠢᠯ ᠦ᠋ᠨ ᠔᠂᠔ ᠳ᠋ᠡᢈᠢ ᢈᠡᠰᠡᢉ᠂ ᠪᠠᠲᠤᠯᠠᠨ ᠬᠠᠮᠠᠭᠠᠯᠠᠬᠤ ᠶ᠋ᠢᠨ ᠰᠠᠶᠢᠳ ᠤ᠋ᠨ ᠒᠐᠑᠗ ᠣᠨ ᠤ᠋ ᠠ/᠓᠓᠑ ᠳ᠋ᠦ᠋ᢉᠡᠷ ᠲᠤᠰᠢᠶᠠᠯ ᠢ᠋ᠶᠠᠷ ᠪᠠᠲᠤᠯᠠᠭᠳᠠᠭᠰᠠᠨ “ᠴᠡᠷᠢᢉ ᠦ᠋ᠨ ᠪᠦᠷᠢᠳᢈᠡᠯ ᠶᠠᠪᠤᠭᠤᠯᠬᠤ ᠵᠢᠷᠤᠮ”᠆ ᠶ᠋ᠢ ᠤᠳᠤᠷᠢᠳᠤᠯᠭᠠ ᠪᠣᠯᠭᠠᠨ ᠵᠢᠯ ᠪᠦᠷᠢ ᠪᠡᠯᠡᠳᢈᠡᠯ ᠠᠵᠢᠯ ᠢ᠋ ᠬᠠᠩᠭᠠᠳᠠᠭ ᠪᠢᠯᠡ᠃
ᠤᠯᠤᠰ ᠣᠷᠤᠨ ᠳᠠᠶᠠᠭᠠᠷ ᠒᠐᠒᠕ ᠣᠨ ᠤ᠋ ᠴᠡᠷᠢᢉ ᠦ᠋ᠨ ᠪᠦᠷᠢᠳᢈᠡᠯ ᠥᠨᠦᠳᠦᠷ ᠡᠴᠡ ᠪᠤᠶᠤ ᠒᠐᠒᠔᠂᠑᠒᠂᠑᠐᠆ ᠠ᠋ᠴᠠ ᠡᢈᠢᠯᠡᠯᠡ᠃ ᠴᠡᠷᠢᢉ ᠦ᠋ᠨ ᠰᠢᠨᠡᠴᠢᠯᠡᢉᠰᠡᠨ ᠲᠣᠭᠠ ᠪᠦᠷᠢᠳᢈᠡᠯ ᠢ᠋ ᠒᠐᠒᠔ ᠣᠨ ᠤ᠋ ᠑᠒ ᠳ᠋ᠤᠭᠠᠷ ᠰᠠᠷᠠ ᠶ᠋ᠢᠨ ᠑᠐᠆ ᠶ᠋ᠢᠨ ᠡᠳᠦᠷ ᠡᠴᠡ ᠡᢈᠢᠯᠡᠨ ᠒᠐᠒᠕ ᠣᠨ ᠤ᠋ ᠐᠒ ᠳ᠋ᠤᠭᠠᠷ ᠰᠠᠷᠠ ᠶ᠋ᠢᠨ ᠑᠕᠆ ᠶ᠋ᠢᠨ ᠡᠳᠦᠷ ᢈᠦᠷᠲᠡᠯᠡ ᠪᠦᠷᠢᠳᢈᠡᠨᠡ᠃
ᠦᠶᠢᠯᠡᠴᠢᠯᠡᢉᠡ ᠶ᠋ᠢ ᠠᠪᠬᠤ ᠶ᠋ᠢᠨ ᠲᠤᠯᠠᠳᠠ “E᠓᠆Mongolia” ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠨ ᠣᠷᠤᠵᠤ ᠬᠠᠶᠢᠯᠲᠠ ᠶ᠋ᠢᠨ ᢈᠡᠰᠡᢉ ᠲᠦ “ᠴᠡᠷᠢᢉ ᠦ᠋ᠨ ᠪᠦᠷᠢᠳᢈᠡᠯ” ᠦᠶᠢᠯᠡᠴᠢᠯᠡᢉᠡᠨ ᠦ᠋ ᠨᠡᠷᠡ ᠶ᠋ᠢ ᠣᠷᠤᠭᠤᠯᠤᠨ ᠬᠠᠶᠢᠯᠲᠠ ᢈᠢᢉᠰᠡᠨ ᠢ᠋ᠶᠡᠷ ᠒᠐᠒᠕ ᠣᠨ ᠤ᠋ ᠴᠡᠷᠢᢉ ᠦ᠋ᠨ ᠪᠦᠷᠢᠳᢈᠡᠯ ᠳ᠋ᠦ ᠪᠡᠨ ᠬᠠᠮᠤᠷᠤᠭᠳᠠᠬᠤ ᠪᠣᠯᠤᠮᠵᠢ ᠲᠠᠢ᠃
ᠮᠣᠩᠭᠣᠯ ᠤᠯᠤᠰ ᠤ᠋ᠨ ᠢᠷᢉᠡᠨ ᠑᠘ ᠆ ᠕᠐ ᠨᠠᠰᠤᠨ ᠤ᠋ ᠴᠡᠷᠢᢉ ᠦ᠋ᠨ ᠡᢉᠦᠷᢉᠡᠲᠡᠨ ᠨᠦ᠋ᢉᠦᠳ᠂ ᠖᠕ ᢈᠦᠷᠲᠡᠯᠡᢈᠢ ᠨᠠᠰᠤᠨ ᠤ᠋ ᠪᠡᠯᠡᠳᢈᠡᠯ ᠣᠹᠢᠼᠧᠷ ᠤ᠋ᠳ᠂ ᠴᠡᠷᠢᢉ ᠦ᠋ᠨ ᠪᠦᠷᠢᠳᢈᠡᠯ ᠲᠡᠢ ᠮᠡᠷᢉᠡᠵᠢᠯ ᠡᠵᠡᠮᠰᠢᢉᠰᠡᠨ ᠡᠮᠡᢉᠲᠡᠢᠢᠴᠦᠳ ᠵᠢᠯ ᠳ᠋ᠦ ᠨᠢᢉᠡ ᠤᠳᠠᠭᠠ ᠪᠦᠷᠢᠳᢈᠡᠯ ᠳ᠋ᠦ ᠬᠠᠮᠤᠷᠤᠭᠳᠠᠬᠤ ᠡᢉᠦᠷᢉᠡ ᠲᠡᠢ ᠪᠠᠶᠢᠳᠠᠭ᠃ ᠲᠤᠬᠠᠶᠢᠯᠠᠪᠠᠯ᠂
ᠳᠡᢉᠡᠳᠦ ᠣᠹᠢᠼᠧᠷ /ᢉᠧᠨᠧᠷᠠᠯ/ – ᠖᠕ ᠨᠠᠰᠤ
ᠠᠬᠠᠯᠠᠬᠤ ᠣᠹᠢᠼᠧᠷ – ᠖᠐ ᠨᠠᠰᠤ
ᠳᠤᠮᠳᠠ ᠣᠹᠢᠼᠧᠷ᠂ ᠠᠬᠠᠯᠠᠭᠴᠢ – ᠕᠕ ᠨᠠᠰᠤ
ᠡᠮᠡᢉᠲᠡᠢ ᠣᠹᠢᠼᠧᠷ᠂ ᠠᠬᠠᠯᠠᠭᠴᠢ ᠪᠣᠯᠤᠨ ᠪᠠᠶᠢᠯᠳᠤᠭᠴᠢ᠂ ᠲᠦᠷᠦᢉᠦᠴᠢ /ᠢᠷᢉᠡᠨ/ – ᠕᠐ ᠨᠠᠰᠤ ᠬᠠᠮᠢᠶᠠᠷᠬᠤ ᠶᠠᠭᠤᠮᠠ᠃
᠒᠐᠒᠕ ᠣᠨ ᠤ᠋ ᠴᠡᠷᠢᢉ ᠦ᠋ᠨ ᠪᠦᠷᠢᠳᢈᠡᠯ ᠢ᠋ ᠠᠶᠢᠮᠠᠭ᠂ ᠨᠡᠶᠢᠰᠯᠡᠯ ᠲᠤᠰ ᠪᠦᠷᠢ ᠵᠢᠭᠠᠭᠳᠠᠭᠰᠠᠨ ᠥᢉᠡᠷᠡ ᠥᢉᠡᠷᠡ ᠬᠤᠭᠤᠴᠠᠭᠠᠨ ᠳ᠋ᠤ ᠪᠦᠷᠢᠳᢈᠡᢈᠦ ᠶᠠᠭᠤᠮᠠ᠃
ᠴᠡᠷᠢᢉ ᠦ᠋ᠨ ᠪᠦᠷᠢᠳᢈᠡᠯ ᠦ᠋ᠨ ᢈᠦᠰᠡᠯᠲᠡ ᠢᠯᠡᢉᠡᢈᠦ ᠳ᠋ᠦ ᠪᠡᠨ ᠳᠠᠷᠠᠭᠠᢈᠢ ᠵᠦᠢᠯᠡᠰ ᠢ᠋ ᠠᠩᠬᠠᠷᠤᠨᠠ ᠤᠤ!
ᠴᠡᠷᠢᢉ ᠦ᠋ᠨ ᠡᢉᠦᠷᢉᠡᠲᠡᠨ ᠦ᠋ ᠦᠨᠡᠮᠯᠡᢈᠦ ᠠᠪᠤᠭᠠ ᠦᢉᠡᠢ ᠑᠘ ᢈᠦᠷᠲᠡᠯᠡᢈᠢ ᠨᠠᠰᠤᠨ ᠤ᠋ ᠢᠷᢉᠡᠳ ᠬᠠᠷᠢᠶᠠ ᠪᠠᠭ᠂ ᠬᠣᠷᠢᠶᠠᠨ ᠳᠡᢉᠡᠷᠡ ᠥᠪᠡᠷ ᠦ᠋ᠨ ᠪᠡᠶᠡ ᠪᠡᠷ ᠣᠴᠢᠵᠤ ᠪᠦᠷᠢᠳᢈᠡᠯ ᠡᢉᠦᠰᢈᠡᢈᠦ ᠱᠠᠭᠠᠷᠳᠠᠯᠭᠠ ᠲᠠᠢ᠃
ᠴᠡᠷᠢᢉ ᠦ᠋ᠨ ᠡᢉᠦᠷᢉᠡᠲᠡᠨ ᠦ᠋ ᠦᠨᠡᠮᠯᠡᢈᠦ ᠦᢉᠡᠢ ᠪᠤᠶᠤ ᠬᠠᠶᠠᠵᠤ ᢉᠡᢉᠡᢉᠰᠡᠨ ᠲᠣᢈᠢᠶᠠᠯᠳᠤᠯ ᠳ᠋ᠤ ᠬᠠᠷᠢᠶᠠ ᠠᠶᠢᠮᠠᠭ᠂ ᠳᠡᢉᠦᠷᢉᠡ ᠶ᠋ᠢᠨ ᠵᠢᠳᠬᠤ ᠆ ᠤ᠋ᠨ ᠴᠡᠷᠢᢉ ᠦ᠋ᠨ ᠱᠲ᠋ᠠᠪ ᠲᠤ ᠥᠪᠡᠷ ᠦ᠋ᠨ ᠪᠡᠶᠡ ᠪᠡᠷ ᠣᠴᠢᠨ ᠦᠨᠡᠮᠯᠡᢈᠦ ᠪᠡᠨ ᠠᠪᠬᠤ ᠱᠠᠭᠠᠷᠳᠠᠯᠭᠠ ᠲᠠᠢ᠃
ᠬᠠᠶ᠋ᠢᠭ ᠤ᠋ᠨ ᠰᠢᠯᠵᠢᠯᠲᠡ ᢈᠢᠯᢉᠡᢉᠰᠡᠨ ᠢᠷᢉᠡᠳ ᠣᠷᠤᠰᠢᠨ ᠰᠠᠭᠤᠭᠠ ᠠᠶᠢᠮᠠᠭ᠂ ᠳᠡᢉᠦᠷᢉᠡ ᠶ᠋ᠢᠨ ᠴᠡᠷᠢᢉ ᠦ᠋ᠨ ᠱᠲ᠋ᠠᠪ ᠲᠤ ᠬᠠᠨᠳᠤᠨ ᠰᠢᠯᠵᠢᠯᠲᠡ ᢈᠥᠳᠡᠯᢉᠡᢉᠡᠨ ᠢ᠋ᠶᠡᠨ ᠪᠠᠲᠤᠯᠠᠭᠠᠵᠢᠭᠤᠯᠵᠤ ᠪᠦᠷᠢᠳᢈᠡᠯ ᠢ᠋ᠶᠡᠨ ᢈᠢᠯᢉᠡᢈᠦ ᠱᠠᠭᠠᠷᠳᠠᠯᠭᠠ ᠲᠠᠢ᠃
ᠲᠠ ᠥᠪᠡᠷ ᠦ᠋ᠨ ᠴᠡᠷᠢᢉ ᠦ᠋ᠨ ᠪᠦᠷᠢᠳᢈᠡᠯ ᠳ᠋ᠦ ᠬᠠᠮᠤᠷᠤᠭᠳᠠᠬᠤ ᢈᠦᠰᠡᠯᠲᠡ ᠶ᠋ᠢᠨ ᠬᠠᠷᠢᠭᠤ ᠶ᠋ᠢ E᠓᠆Mongolia ᠰᠢᠰᠲ᠋ᠧᠮ ᠦ᠋ᠨ “ᠮᠡᠳᠡᢉᠳᠡᠯ” ᠼᠧᠰᠧ ᠡᠴᠡ ᠬᠠᠷᠠᠬᠤ ᠪᠣᠯᠤᠮᠵᠢ ᠲᠠᠢ᠃
ᢈᠡᠷᠪᠡ ᠴᠡᠷᠢᢉ ᠦ᠋ᠨ ᠪᠦᠷᠢᠳᢈᠡᠯ ᠳ᠋ᠦ ᠴᠠᢈᠢᠮ ᠢ᠋ᠶᠠᠷ ᠬᠠᠮᠤᠷᠤᠭᠳᠠᠬᠤ ᠪᠣᠯᠤᠮᠵᠢ ᠦᢉᠡᠢ ᠲᠣᢈᠢᠶᠠᠯᠳᠤᠯ ᠳ᠋ᠤ ᠥᠪᠡᠷ ᠦ᠋ᠨ ᠬᠠᠷᠢᠶᠠ ᠳᠡᢉᠦᠷᢉᠡ ᠶ᠋ᠢᠨ ᠴᠡᠷᠢᢉ ᠦ᠋ᠨ ᠱᠲ᠋ᠠᠪ ᠳᠡᢉᠡᠷᠡ ᠪᠡᠨ ᠳᠠᠷᠠᠭᠠᢈᠢ ᠮᠠᠲ᠋ᠧᠷᠢᠠᠯ ᠤ᠋ᠳ ᠢ᠋ ᠪᠦᠷᠢᠳᠦᢉᠦᠯᠵᠦ ᠣᠴᠢᠨᠠ᠃
ᠡᢉᠦᠨ ᠳ᠋ᠦ:
ᠴᠡᠷᠢᢉ ᠦ᠋ᠨ ᠡᢉᠦᠷᢉᠡᠲᠡᠨ ᠦ᠋ ᠦᠨᠡᠮᠯᠡᢈᠦ
ᠢᠷᢉᠡᠨ ᠦ᠋ ᠦᠨᠡᠮᠯᠡᢈᠦ
ᠲᠤᠬᠠᠢ ᠶ᠋ᠢᠨ ᠢᠷᢉᠡᠨ ᠥᠪᠡᠷ ᠢ᠋ᠶᠡᠨ ᠪᠠᠶᠢᠬᠤ ᠦᢉᠡᠢ ᠪᠣᠯ ᢉᠡᠷ ᠪᠦᠯᠢ ᠶ᠋ᠢᠨ ᢉᠡᠰᠢᢉᠦᠨ ᠢᠷᠡᠵᠦ ᠪᠦᠷᠢᠳᢈᠡᠯ ᠳ᠋ᠦ ᠬᠠᠮᠤᠷᠤᠭᠤᠯᠤᠨ ᠳᠡᠪᠲᠡᠷ ᠲᠦ ᠪᠢᠴᠢᠯᠲᠡ ᢈᠢᠯᢉᠡᢉᠦᠯᠵᠦ ᠪᠠᠲᠤᠯᠠᠭᠠᠵᠢᠭᠤᠯᠤᠨᠠ᠃
ᠴᠡᠷᠢᢉ ᠦ᠋ᠨ ᠪᠦᠷᠢᠳᢈᠡᠯ ᠳ᠋ᠦ ᠪᠡᠨ ᠢᠳᠡᠪᢈᠢ ᠲᠡᠢ ᠬᠠᠮᠤᠷᠤᠭᠳᠠᠭᠠᠷᠠᠢ᠃