”ᠢ᠆ ᠮᠣᠩᠭᠤᠯ ᠠᠻᠠᠳ᠋ᠧᠮᠢ” ᠤᠲᠤᠭ ᠤ᠋ᠨ ᠰᠤᠷᠭᠠᠯᠲᠠ᠂ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠰᠤᠷᠭᠠᠯᠲᠠ ᠶ᠋ᠢᠨ ᢈᠡᠯᠲᠡᠰ ᠦ᠋ᠨ ᠰᠠᠨᠠᠭᠠᠴᠢᠯᠭᠠ ᠪᠠᠷ ᠭᠠᠳᠠᠭᠠᠳᠤ ᠬᠠᠷᠢᠯᠴᠠᠭᠠ᠂ ᠬᠠᠮᠲᠤ ᠶ᠋ᠢᠨ ᠠᠵᠢᠯᠯᠠᠭᠠᠨ ᠤ᠋ ᠭᠠᠵᠠᠷ ᠬᠠᠮᠲᠤᠷᠠᠨ ᠮᠣᠩᠭᠣᠯ ᠳ᠋ᠤ ᠠᠶᠢᠯᠴᠢᠯᠠᠵᠤ ᠪᠤᠢ ᠢᠷᠯᠠᠨᠳ ᠤᠯᠤᠰ ᠤ᠋ᠨ ᠻᠣᠷᠻ ᠶᠡᢈᠡ ᠰᠤᠷᠭᠠᠭᠤᠯᠢ ᠶ᠋ᠢᠨ ᠫᠷᠤᠹᠧᠰᠰᠤᠷ ᠰᠢᠶᠠᠮᠦᠰ ᠣ ᠲᠤᠭᠠᠮᠠᠲᠠᠢ ᢈᠢᢈᠦ ᠠᠭᠤᠯᠵᠠᠯᠲᠠ ᠶ᠋ᠢ ᠒᠐᠒᠔ ᠣᠨ ᠤ᠋ ᠑᠒ ᠷ ᠰᠠᠷᠠ ᠶ᠋ᠢᠨ ᠑᠓ ᠨ ᠤ᠋ ᠡᠳᠦᠷ ᠵᠣᢈᠢᠶᠠᠨ ᠪᠠᠶᠢᠭᠤᠯᠤᠯᠠ᠃ ᠠᠭᠤᠯᠵᠠᠯᠲᠠ ᠳ᠋ᠤ “ᠢ᠆ ᠮᠣᠩᠭᠤᠯ ᠠᠻᠠᠳ᠋ᠧᠮᠢ” ᠤᠲᠤᠭ ᠤ᠋ᠨ ᠵᠠᢈᠢᠷᠤᠯ ᠪ᠃ᠮᠢᠭᠮᠠᠷᠨᠠᠷᠠᠨ᠂ ᠭᠬᠬᠠᠭᠠ ᠶ᠋ᠢᠨ ᠳᠠᠷᠤᠭᠠ ᠭ᠃ᠥᠨᠢᠷᠴᠡᠴᠡᢉ᠂ ᠰᠤᠷᠭᠠᠯᠲᠠ ᠶ᠋ᠢᠨ ᢈᠡᠯᠲᠡᠰ ᠦ᠋ᠨ ᠳᠠᠷᠤᠭᠠ ᠸ᠃ᠯᠤᠲᠤ ᠆ ᠸᠴᠢᠷ ᠪᠣᠯᠤᠨ ᠬᠣᠯᠪᠤᠭᠳᠠᠬᠤ ᠭᠠᠵᠠᠷ᠂ ᢈᠡᠯᠲᠡᠰ ᠦ᠋ᠨ ᠮᠡᠷᢉᠡᠵᠢᠯᠲᠡᠨ ᠨᠦ᠋ᢉᠦᠳ ᠣᠷᠤᠯᠴᠠᠵᠤ᠂ ᠲᠥᠷᠦ ᠶ᠋ᠢᠨ ᠦᠢᠯᠡᠴᠢᠯᠡᢉᠡᠨ ᠦ᠋ ᠴᠠᢈᠢᠮᠵᠢᠭᠤᠯᠤᠯᠲᠠ᠂ ᠢᠷᢉᠡᠳ ᠦ᠋ᠨ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᠵᠦ ᠪᠠᠶᠢᠭᠠ ᠪᠣᠯᠤᠨ ᠴᠠᠭᠠᠰᠢᠳᠠ ᠬᠠᠮᠲᠤᠷᠠᠨ ᠠᠵᠢᠯᠯᠠᠬᠤ᠂ ᠲᠤᠷᠰᠢᠯᠭᠠ ᠰᠣᠯᠢᠯᠴᠠᠬᠤ᠂ ᠮᠡᠷᢉᠡᠵᠢᠯᠲᠡᠨ ᠨᠦ᠋ᢉᠦᠳ ᠢ᠋ ᠴᠢᠳᠠᠪᢈᠢᠵᠢᠭᠤᠯᠬᠤ ᠲᠠᠯᠠ ᠪᠠᠷ ᠰᠠᠨᠠᠯ ᠰᠣᠯᠢᠯᠴᠠᠪᠠ᠃
ᠠᠭᠤᠯᠵᠠᠯᠲᠠ ᠶ᠋ᠢᠨ ᠭᠣᠣᠯ ᠣᠨᠴᠠᠯᠢᠭ ᠨᠢ ᠲᠥᠷᠦ ᠶ᠋ᠢᠨ ᠦᠶᠢᠯᠡᠴᠢᠯᠡᢉᠡ ᢈᠡᠳᠦᠢ ᠴᠠᢈᠢᠮᠵᠢᠵᠤ ᠪᠠᠶᠢᠭᠠ ᠴᠤ ᠢᠷᢉᠡᠳ ᠦ᠋ᠨ ᠲᠡᠷᠡ ᠲᠤᠰᠤᠮ ᠢ᠋ᠶᠠᠨ ᠨᠠᠰᠤᠨ ᠳ᠋ᠤ ᢈᠦᠷᠦᢉᠴᠢᠳ ᠦ᠋ᠨ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᢈᠡᠷᠡᢉᠴᠡᢉᠡ ᠱᠠᠭᠠᠷᠳᠠᠯᠭᠠ ᠪᠠᠶᠢᠭᠠ ᠶ᠋ᠢ ᢉᠡᠳᠡᢉ ᠢ᠋ ᠣᠨᠴᠠᠯᠠᠪᠠ᠃ ᠫᠷᠤᠹᠧᠰᠰᠤᠷ ᠣ ᠲᠤᠮᠠ ᠨᠢ ᠢᠷᠯᠠᠨᠳ᠋ ᠤ᠋ᠨ University College Cork ᠳ᠋ᠠᢈᠢ ᠨᠠᠰᠤᠨ ᠲᠤᠷᠰᠢ ᠶ᠋ᠢᠨ ᠪᠣᠯᠪᠠᠰᠤᠷᠠᠯ᠂ ᠨᠠᠰᠤᠨ ᠳ᠋ᠤ ᢈᠦᠷᠦᢉᠴᠢᠳ ᠦ᠋ᠨ ᠪᠣᠯᠪᠠᠰᠤᠷᠠᠯ᠂ ᠲᠠᠰᠤᠷᠠᠯᠲᠠ ᠦᢉᠡᠢ ᠪᠣᠯᠪᠠᠰᠤᠷᠠᠯ ᠤ᠋ᠨ ᠴᠢᢉᠯᠡᠯ ᠢ᠋ᠶᠡᠷ ᠣᠯᠠᠨ ᠵᠢᠯ ᠰᠤᠳᠤᠯᠭᠠ ᢈᠢᠵᠦ᠂ ᠧᠦ᠋ᠷᠣᠫᠠ ᠶ᠋ᠢᠨ ᠨᠠᠰᠤᠨ ᠲᠤᠷᠰᠢ ᠶ᠋ᠢᠨ ᠰᠤᠷᠭᠠᠯᠲᠠ ᠶ᠋ᠢᠨ ᠨᠡᠶᠢᢉᠡᠮᠯᠢᢉ ᠢ᠋ ᠤᠳᠤᠷᠢᠳᠴᠤ ᠪᠠᠶᠢᠭᠠ ᠲᠤᠷᠰᠢᠯᠭᠠᠲᠠᠢ ᠮᠡᠷᢉᠡᠵᠢᠯᠲᠡᠨ ᠶᠠᠭᠤᠮᠠ᠃ ᠲᠡᠷᠡ ᠪᠡᠷ ᠮᠣᠩᠭᠣᠯ ᠤᠯᠤᠰ ᠲᠤ ᠒᠐᠒᠔ ᠣᠨ ᠤ᠋ ᠑᠒ ᠆ ᠷ ᠰᠠᠷᠠ ᠶ᠋ᠢᠨ ᠘᠆ ᠨᠠᠭᠠᠰᠤ ᠑᠒ ᠨ ᠤ᠋ ᠡᠳᠦᠷ ᠦ᠋ᠳ ᠲᠦ ᠵᠣᠴᠢᠯᠠᠵᠤ ᠤᠶᠢᠬᠤ᠂ ᠪᠣᠯᠪᠠᠰᠤᠷᠠᠯ ᠤ᠋ᠨ᠂ ᠤᠳᠤᠷᠢᠳᠤᠯᠭᠠ ᠶ᠋ᠢᠨ ᠠᠻᠠᠳ᠋ᠧᠮᠢ᠂ “ᠢ᠆ ᠮᠣᠩᠭᠤᠯ ᠠᠻᠠᠳ᠋ᠧᠮᠢ” ᠤᠲᠤᠭ᠂ ᠮᠦᠪᠢᠰ ᠵᠡᠷᢉᠡ ᠪᠠᠶᠢᠭᠤᠯᠤᠯᠭᠠ ᠨᠤᠭᠤᠳ ᠲᠤ ᠠᠭᠤᠯᠵᠠᠯᠲᠠ ᢈᠢᠨ᠂ ᠯᠧᠻᠼ ᠤᠩᠰᠢᠵᠤ ᠪᠠᠶᠢᠭᠠ ᠶᠠᠭᠤᠮᠠ᠃
ᠢᠷᠯᠠᠨᠳ ᠤᠯᠤᠰ ᠤ᠋ᠨ ‘ᠻᠣᠷᠻ” ᠶᠡᢈᠡ ᠰᠤᠷᠭᠠᠭᠤᠯᠢ ᠶ᠋ᠢᠨ ᠫᠷᠤᠹᠧᠰᠰᠤᠷ᠂ ᠰᠢᠮᠦ᠋ᠰ ᠣ ᠲᠤᠭᠠᠮᠠ ᠲᠠᠢ ᠠᠭᠤᠯᠵᠠᠯᠲᠠ ᠵᠣᢈᠢᠶᠠᠨ ᠪᠠᠶᠢᠭᠤᠯᠤᠯᠠ
ᠨᠡᠶᠢᠲᠡᠯᠡᠭᠰᠡᠨ᠄