ᠪᠨᠰᠦ᠋ ᠶᠤᠨ “Korea Trade᠓᠆Investment Promotion Agency” ᠂ᠹ᠂“KOTRA” Ulaanbaatar ᠰᠧᠦ᠋ᠨ᠋ᠸᠸᠠᠨ ᠴᠤᠢ ᠲᠡᠢ ᠠᠭᠤᠯᠵᠠᠯᠲᠠ ᠵᠣᢈᠢᠶᠠᠨ ᠪᠠᠶᠢᠭᠤᠯᠤᠯ᠎ᠠ


“ᠢ᠆ ᠮᠣᠩᠭᠤᠯ ᠠᠻᠠᠳ᠋ᠧᠮᠢ” ᠤᠲᠤᠭ ᠤ᠋ᠨ ᠤᠳᠤᠷᠢᠳᠤᠯᠭ᠎ᠠ ᠨᠤᠭᠤᠳ ᠮᠣᠩᠭᠤᠯ ᠳᠠᢈᠢ “KOTRA” Ulaanbaatar᠂ ᠶᠡᠷᠦᠩᢈᠡᠢ ᠵᠠᢈᠢᠷᠤᠯ ᠰᠧᠦ᠋ᠩᢉᠸᠠᠨ ᠴᠡᠢ ᠲᠡᠢ ᠒᠐᠒᠔ ᠣᠨ ᠤ᠋ ᠑᠒ ᠳ᠋ᠤᠭᠠᠷ ᠰᠠᠷ᠎ᠠ ᠶ᠋ᠢᠨ ᠑᠙ ᠶ᠋ᠢᠨ ᠡᠳᠦᠷ ᠠᠭᠤᠯᠵᠠᠯᠲᠠ ᠵᠣᢈᠢᠶᠠᠨ ᠪᠠᠶᠢᠭᠤᠯᠤᠯ᠎ᠠ᠃ ᠠᠭᠤᠯᠵᠠᠯᠲᠠ ᠳ᠋ᠤ “KOTRA” Ulaanbaatar᠂ ᠪᠢᠽᠢᠨᠧᠰ ᢈᠥᢉᠵᠢᠯ ᠦ᠋ᠨ ᢈᠡᠯᠲᠡᠰ ᠦ᠋ᠨ ᢉ᠃ᠭᠠᠯᠪᠠᠳᠠᠷᠠᠬᠤ᠂ “ᠢ᠆ ᠮᠣᠩᠭᠤᠯ ᠠᠻᠠᠳ᠋ᠧᠮᠢ” ᠤᠲᠤᠭ ᠤ᠋ᠨ ᠭᠠᠳᠠᠭᠠᠳᠤ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᠭᠠᠵᠠᠷ ᠤ᠋ᠨ ᠳᠠᠷᠤᠭ᠎ᠠ ᠭ᠃ᠥᠨᠢᠷᠴᠡᠴᠡᢉ᠂ ᠴᠠᢈᠢᠮ ᠵᠠᠰᠠᠭᠯᠠᠯ ᠤ᠋ᠨ ᢈᠡᠯᠲᠡᠰ ᠦ᠋ᠨ ᠳᠠᠷᠤᠭ᠎ᠠ ᠬᠤ᠃ᠡᠩᢈᠡᠮᠠᠩᠯᠠᠢ ᠣᠷᠤᠯᠴᠠᠵᠤ᠂ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ ᠢ᠋ ᠲᠠᠨᠢᠯᠴᠠᠭᠤᠯᠵᠤ᠂ ᠴᠠᠭᠠᠰᠢᠳᠠ “E᠓᠆Mongolia academy”ᠶᠢ ᠶ᠋ᠢᠨ ᠰᠠᠨᠠᠯ ᠪᠣᠯᠭᠠᠵᠤ ᠪᠤᠢ ᠪᠦᠲᠦᢉᠡᢉᠳᠡᢈᠦᠨ ᠦᠶᠢᠯᠡᠴᠢᠯᠡᢉᠡ ᠨᠦ᠋ᢉᠦᠳ ᠢ᠋ “KOTRA”᠆ ᠪᠠᠷ ᠳᠠᠮᠵᠢᠭᠤᠯᠤᠨ ᠣᠯᠠᠨ ᠤᠯᠤᠰ ᠲᠤ ᠰᠤᠷᠲᠠᠯᠴᠢᠯᠠᠨ ᠲᠠᠨᠢᠭᠤᠯᠬᠤ ᠳ᠋ᠤ ᠳᠡᠮᠵᠢᠯᢉᠡ ᠦᠵᠡᢉᠦᠯᢈᠦ᠂ ᠭᠠᠳᠠᠭᠠᠳᠤ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᢈᠦ᠂ ᠬᠠᠮᠲᠤᠷᠠᠨ ᠠᠵᠢᠯᠯᠠᠬᠤ᠂ ᠲᠤᠷᠰᠢᠯᠭ᠎ᠠ ᠰᠣᠯᠢᠯᠴᠠᠬᠤ ᠲᠠᠯᠠᠭᠠᠷ ᠰᠠᠨᠠᠯ᠂ ᠮᠡᠳᠡᢉᠡᠯᠡᠯ ᠰᠣᠯᠢᠯᠴᠠᠪᠠ᠃

“KOTRA” Ulaanbaatar᠂ ᠶᠡᠷᠦᠩᢈᠡᠢ ᠵᠠᢈᠢᠷᠤᠯ ᠰᠧᠦᠩᢉᠸᠠᠨ ᠴᠤ: “KOTRA” ᠪᠠᠶᠢᠭᠤᠯᠤᠯᠭ᠎ᠠ ᠨᠢ ᠪᠨᠢᠰᠦ᠋ ᠆ ᠶ᠋ᠢᠨ ᠨᠢᢉᠡ ᠰᠠᠶ᠎ᠠ ᠭᠠᠷᠤᠢ ᠲᠥᠷᠦ ᠶ᠋ᠢᠨ ᠪᠣᠯᠤᠨ ᠬᠤᠪᠢ ᠶ᠋ᠢᠨ ᠪᠠᠶᠢᠭᠤᠯᠤᠯᠭ᠎ᠠ ᠨᠤᠭᠤᠳ ᠤ᠋ᠨ ᠪᠦᠷᠢᠳᢈᠡᠯ ᠦ᠋ᠨ ᠰᠠᠩ ᠲᠠᠢ᠃ ᠮᠠᠨ ᠤ᠋ www᠃kotra᠃or᠃kr ᠫᠯᠠᠲ᠋ᠹᠤᠷᠮ ᠢ᠋ᠶᠠᠷ ᠳᠠᠮᠵᠢᠭᠤᠯᠤᠨ ᠲᠥᠰᠦᠯ᠂ ᢈᠥᠲᠦᠯᠪᠦᠷᠢ ᠨᠦ᠋ᢉᠦᠳ ᠲᠡᠢ ᠲᠠᠨᠢᠯᠴᠠᠵᠤ᠂ ᢈᠥᠷᠦᠩᢉᠡ ᠣᠷᠤᠭᠤᠯᠤᠯᠲᠠ ᠪᠣᠯᠤᠨ ᠬᠠᠮᠲᠤᠷᠠᠨ ᠠᠵᠢᠯᠯᠠᠬᠤ ᠰᠠᠨᠠᠯ ᠲᠠᠯᠪᠢᠬᠤ ᠪᠣᠯᠤᠮᠵᠢ ᠪᠦᠷᠢᠳᠦᠨ᠎ᠡ᠃” ᢈᠡᠮᠡᠨ ᠠᠭᠤᠯᠵᠠᠯᠲᠠ ᠶ᠋ᠢᠨ ᠦᠶ᠎ᠡ ᠪᠡᠷ ᠣᠨᠴᠠᠯᠠᠯᠤᠭ᠎ᠠ᠃
ᠡᢉᠦᠨ ᠲᠡᠢ ᠬᠣᠯᠪᠤᠭ᠎ᠠ ᠲᠠᠢ ᠪᠠᠷ “ᠢ᠆ ᠮᠣᠩᠭᠤᠯ ᠠᠻᠠᠳ᠋ᠧᠮᠢ” ᠤᠲᠤᠭ ᠪᠦᠲᠦᢉᠡᢉᠳᠡᢈᠦᠨ ᠦᠶᠢᠯᠡᠴᠢᠯᠡᢉᠡ ᠲᠥᠰᠦᠯ ᠦ᠋ᠳ ᠦ᠋ᠨ ᠲᠠᠯᠠᠭᠠᠷᢈᠢ www᠃kotra᠃or᠃kr ᠰᠠᠶᠢᠲ ᠢ᠋ᠶᠠᠷ ᠪᠠᠶᠢᠷᠢᠰᠢᠭᠤᠯᠤᠨ ᠮᠡᠳᠡᢉᠡᠯᠡᠯ ᠢ᠋ᠶᠡᠨ ᠳᠡᢉᠡᠷᠡᢈᠢ ᠪᠠᠶᠢᠭᠤᠯᠤᠯᠭ᠎ᠠ ᠨᠤᠭᠤᠳ ᠲᠤ ᠲᠦᢉᠡᢉᠡᢈᠦ ᠪᠣᠯᠤᠮᠵᠢ ᠲᠠᠢ᠃

“ᠻᠦ᠋TRA” ᠨᠢ ᠪᠨᠰᠦ᠋ ᠶ᠋ᠢᠨ ᠭᠠᠳᠠᠭᠠᠳᠤ ᠬᠤᠳᠠᠯᠳᠤᠭ᠎ᠠ ᢈᠥᠷᠦᠩᢉᠡ ᠣᠷᠤᠭᠤᠯᠤᠯᠲᠠ ᠶ᠋ᠢᠨ ᠠᢉᠧᠨᠲ᠋ᠯᠢᠭ ᠪᠥᢉᠡᠳ ᠦᠨᠳᠦᠰᠦᠨ ᠦᠶᠢᠯᠡ ᠠᠵᠢᠯᠯᠠᠭ᠎ᠠ ᠨᠢ ᠪᠨᠰᠦ ᠪᠣᠯᠤᠨ ᠭᠠᠳᠠᠭᠠᠳᠤ ᠤᠯᠤᠰ ᠬᠣᠭᠤᠷᠤᠨᠳᠤ ᠶ᠋ᠢᠨ ᠬᠤᠳᠠᠯᠳᠤᠭ᠎ᠠ ᠶ᠋ᠢ ᠡᠷᠴᠢᠮᠵᠢᢉᠦᠯᠵᠦ ᠬᠣᠶᠠᠷ ᠤᠯᠤᠰ ᠤ᠋ᠨ ᠪᠢᠽᠢᠨᠧᠰ ᠦ᠋ᠨ ᠪᠠᠶᠢᠭᠤᠯᠤᠯᠭ᠎ᠠ ᠨᠤᠭᠤᠳ ᠬᠠᠮᠲᠤᠷᠠᠨ ᠠᠵᠢᠯᠯᠠᠬᠤ᠂ ᠪᠢᠽᠢᠨᠧᠰ ᠦ᠋ᠨ ᠲᠦᠩᠰᠢᠯᠡᠯ ᠪᠠᠶᠢᠭᠤᠯᠬᠤ ᠵᠡᠷᢉᠡ ᠳ᠋ᠦ ᠳᠡᠮᠵᠢᠯᢉᠡ ᠦᠵᠡᢉᠦᠯᠳᠡᢉ᠃

ᠨᠡᠶᠢᠲᠡᠯᠡᠭᠰᠡᠨ᠄