ᠨᠡᠶᠢᢉᠡᠮ ᠦ᠋ᠨ ᠳᠠᠭᠠᠳᠬᠠᠯ ᠤ᠋ᠨ ᠪᠠᠭᠴᠠ ᠬᠠᠤᠯᠢ ᠶ᠋ᠢᠨ ᠰᠢᠨᠡᠴᠢᠯᠡᠯ ᠦ᠋ᠨ ᢈᠦᠷᠢᠶ ᠡᠨ ᠳ᠋ᠦ ᠬᠤᠪᠢᠶᠠᠷᠢᠯᠠᠯᠲᠠ ᠶ᠋ᠢᠨ ᠲᠣᠭᠲᠠᠯᠴᠠᠭᠠᠨ ᠠ᠋ᠴᠠ ᠬᠤᠷᠠᠮᠲᠤᠯᠠᠯ ᠤ᠋ᠨ ᠲᠣᠭᠲᠠᠯᠴᠠᠭᠠᠨ ᠳ᠋ᠤ ᠦᠶᠡ ᠱᠠᠲᠤ ᠲᠠᠢ ᠰᠢᠯᠵᠢᢈᠦ ᠵᠣᠷᠢᠯᠭᠠ ᠪᠠᠷ ᠲᠡᠳᢈᠦᠪᠦᠷᠢ ᠶ᠋ᠢᠨ ᠨᠥᢉᠡᠴᠡ ᠰᠠᠩ ᠲᠠᠢ ᠪᠠᠶᠢᠬᠤ ᠪᠠᠷ ᠲᠤᠰᠬᠠᠭᠰᠠᠨ ᠪᠠᠶᠢᠳᠠᠭ ᠪᠥᢉᠡᠳ ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠲᠥᠯᠦᠳᠡᢉ ᠢᠷᢉᠡᠨ ᠪᠦᠷᠢ ᠲᠡᠳᢈᠦᠪᠦᠷᠢ ᠶ᠋ᠢᠨ ᠨᠥᢉᠡᠴᠡ ᠰᠠᠩ ᠤ᠋ᠨ ᠳᠠᠩᠰᠠ ᠲᠠᠢ ᠪᠣᠯᠤᠯᠤᠭᠠ᠃
ᠳᠠᠭᠠᠳᠬᠠᠭᠤᠯᠤᠭᠴᠢ ᠲᠡᠳᢈᠦᠪᠦᠷᠢ ᠶ᠋ᠢᠨ ᠨᠥᢉᠡᠴᠡ ᠰᠠᠩ ᠳ᠋ᠤ ᠬᠤᠷᠠᠮᠲᠤᠯᠠᠭᠳᠠᠭᠰᠠᠨ ᠣᠷᠤᠯᠭᠠ ᠶ᠋ᠢᠨ ᠮᠡᠳᠡᢉᠡᠯᠡᠯ ᠢ᠋ᠶᠡᠨE᠓᠆Mongolia ᠰᠢᠰᠲ᠋ᠧᠮ ᠳ᠋ᠦ ᠥᠪᠡᠷ ᠦ᠋ᠨ ᠪᠦᠷᠢᠳᢈᠡᠯ ᠢ᠋ᠶᠡᠷ ᠢ᠋ᠶᠡᠨ ᠠᠮᠵᠢᠯᠲᠠ ᠲᠠᠢ ᠨᠡᠪᠲᠡᠷᠡᢉᠰᠡᠨ ᠦ᠋ ᠳᠠᠷᠠᠭᠠ ᠫᠷᠤᠹᠠᠶᠢᠯ ᢈᠡᠰᠡᢉ ᠡᠴᠡ “ᠮᠢᠨᠤ ᠲᠡᠳᢈᠦᠪᠦᠷᠢ ᠶ᠋ᠢᠨ ᠮᠥᠩᢉᠦᠨ ᠬᠤᠷᠠᠮᠲᠤᠯᠠᠯ” ᠼᠧᠰᠧ ᠳᠡᢉᠡᠷᠡ ᠳᠠᠷᠤᠭᠰᠠᠨ ᠢ᠋ᠶᠠᠷ ᠥᠪᠡᠷ ᠦ᠋ᠨ ᠲᠥᠯᠦᠵᠦ ᠪᠤᠢ ᠳᠠᠭᠠᠳᠬᠠᠯ ᠤ᠋ᠨ ᠰᠢᠮᠡᠳᢈᠡᠯ ᠡᠴᠡ ᠨᠡᠷᠡ ᠶ᠋ᠢᠨ ᠳᠠᠩᠰᠠᠨ ᠤ᠋ ᠦᠯᠡᠳᠡᢉᠳᠡᠯ ᠢ᠋ᠶᠡᠨ ᠬᠠᠷᠠᠬᠤ᠂ ᢈᠢᠨᠠᠬᠤ ᠪᠣᠯᠤᠮᠵᠢᠲᠠᠢ᠃ ᠲᠤᠰ ᠳ᠋ᠦᠩ ᠨᠢ ᠰᠠᠷᠠ ᠪᠦᠷᠢ ᠨᠡᠶᠢᢉᠡᠮ ᠦ᠋ᠨ ᠳᠠᠭᠠᠳᠬᠠᠯ ᠤ᠋ᠨ ᠰᠢᠮᠡᠳᢈᠡᠯ ᠦ᠋ᠨ ᠲᠥᠯᠦᠯᠲᠡ ᠡᠴᠡ ᠬᠠᠮᠢᠶᠠᠷᠤᠨ ᠥᢉᠡᠷᠡᠴᠢᠯᠡᢉᠳᠡᠵᠦ ᠨᠡᠮᠡᢉᠳᠡᠨᠡ᠃
ᠲᠤᠰ ᠳᠠᠩᠰᠠᠨ ᠳ᠋ᠤ ᠠᠵᠢᠯ ᠣᠯᠭᠤᠭᠴᠢ ᠶ᠋ᠢᠨ ᠲᠥᠯᠦᢈᠦ ᠲᠡᠳᢈᠦᠪᠦᠷᠢ ᠶ᠋ᠢᠨ ᠳᠠᠭᠠᠳᠬᠠᠯ ᠤ᠋ᠨ ᠰᠢᠮᠡᠳᢈᠡᠯ ᠦ᠋ᠨ ᠑᠂ ᠳᠠᠭᠠᠳᠬᠠᠭᠤᠯᠤᠭᠴᠢ ᠶ᠋ᠢᠨ ᠲᠥᠯᠦᢈᠦ ᠑᠂ ᠨᠡᠶᠢᠲᠡ ᠒ ᠬᠤᠪᠢ ᠶ᠋ᠢᠨ ᠰᠢᠮᠡᠳᢈᠡᠯ ᠦ᠋ᠨ ᠣᠷᠤᠯᠭᠠ ᠠ᠋ᠴᠠ᠂
ᠬᠠᠷᠢᠨ ᠰᠠᠶᠢᠨ ᠳᠤᠷᠠ ᠪᠠᠷ ᠳᠠᠭᠠᠳᠬᠠᠭᠤᠯᠤᠭᠴᠢ ᠶ᠋ᠢᠨ ᠲᠤᠬᠠᠢ ᠳ᠋ᠤ ᠮᠥᠨ ᠠᠳᠠᠯᠢ ᠒ ᠬᠤᠪᠢ ᠶ᠋ᠢᠨ ᠰᠢᠮᠡᠳᢈᠡᠯ ᠦ᠋ᠨ ᠣᠷᠤᠯᠭᠠ ᠠ᠋ᠴᠠ ᠬᠤᠷᠠᠮᠲᠤᠯᠠᠯ ᠡᢉᠦᠰᢈᠡᠵᠦ ᠪᠠᠶᠢᠭᠠ ᠳ᠋ᠦᠩ ᠶᠠᠭᠤᠮᠠ᠃
ᠲᠡᢉᠦᠨᠴᠢᠯᠡᠨ ᠳᠡᢉᠡᠷᠡᢈᠢ ᠬᠠᠤᠯᠢ ᠶ᠋ᠢᠨ ᠒᠙᠂᠖ ᠳ᠋ᠠ ᠳᠠᠭᠠᠳᠬᠠᠭᠤᠯᠤᠭᠴᠢ ᠨᠠᠰᠤ ᠪᠠᠷᠠᠪᠠᠯ ᠲᠡᢉᠦᠨ ᠦ᠋ ᠮᠥᠩᢉᠦᠵᠢᢉᠦᠯᠦᢉᠰᠡᠨ ᠣᠷᠤᠯᠭᠠ ᠶ᠋ᠢ ᠬᠠᠤᠯᠢ ᠶᠣᠰᠤᠨ ᠤ᠋ ᠥᠪ ᠵᠠᠯᠭᠠᠮᠵᠢᠯᠠᠭᠴᠢ ᠳ᠋ᠤ ᠥᠪᠯᠡᢉᠦᠯᢈᠦ ᠪᠡᠷ ᠲᠤᠰᠬᠠᠭᠰᠠᠨ᠃ ᠲᠡᠳᢈᠦᠪᠦᠷᠢ ᠥᠪᠯᠡᢉᠦᠯᢈᠦ ᠬᠠᠷᠢᠯᠴᠠᠭᠠ ᠶ᠋ᠢ ᠳᠡᢉᠡᠷᠡᢈᠢ ᠬᠠᠤᠯᠢ ᠶ᠋ᠢᠨ ᠒᠙᠂᠘ ᠳ᠋ᠠᢈᠢ ᢈᠡᠰᠡᢉ ᠲᠦ ᠵᠢᠭᠠᠭᠰᠠᠨ ᠢ᠋ᠶᠠᠷ ᠨᠠᠰᠤ ᠪᠠᠷᠠᠭᠰᠠᠨ ᠳᠠᠭᠠᠳᠬᠠᠭᠤᠯᠤᠭᠴᠢ ᠶ᠋ᠢᠨ ᢉᠡᠷ ᠪᠦᠯᠢ ᠶ᠋ᠢᠨ ᢉᠡᠰᠢᢉᠦᠨ ᠳ᠋ᠦ ᠲᠡᠵᠢᢉᠡᢉᠴᠢ ᠪᠡᠨ ᠠᠯᠳᠠᠭᠰᠠᠨ ᠤ᠋ ᠲᠡᠳᢈᠦᠪᠦᠷᠢ ᠲᠣᠭᠲᠠᠭᠠᠯᠭᠠᠬᠤ ᠡᠷᢈᠡ ᠡᢉᠦᠰᢈᠦ ᠪᠡᠷ ᠪᠣᠯ ᠨᠡᠷᠡ ᠶ᠋ᠢᠨ ᠳᠠᠩᠰᠠᠨ ᠤ᠋ ᠮᠥᠩᢉᠦᠵᠢᢉᠦᠯᠦᢉᠰᠡᠨ ᠣᠷᠤᠯᠭᠠ᠂ ᠲᠡᠵᠢᢉᠡᢉᠴᠢ ᠪᠡᠨ ᠠᠯᠳᠠᠭᠰᠠᠨ ᠤ᠋ ᠲᠡᠳᢈᠦᠪᠦᠷᠢ ᠳ᠋ᠦ ᠵᠠᠷᠤᠴᠠᠭᠤᠯᠬᠤ ᢈᠥᠷᠦᠩᢉᠡ ᠶ᠋ᠢᠨ ᢈᠡᠮᠵᠢᠶᠡ ᠶ᠋ᠢ ᠲᠣᠭᠠᠴᠠᠨ ᠭᠠᠷᠭᠠᠵᠤ ᠦᠯᠡᠳᠡᢉᠰᠡᠨ ᢈᠥᠷᠦᠩᢉᠡ ᠶ᠋ᠢ ᠥᠪᠯᠡᢉᠦᠯᢈᠦ ᠶᠠᠭᠤᠮᠠ᠃
ᠴᠠᢈᠢᠮ ᠢ᠋ᠶᠠᠷ ᠰᠢᠶᠢᠳᠴᠦ᠂ ᠴᠠᠭ ᠢ᠋ᠶᠠᠨ ᢈᠡᠮᠨᠡᠶᠡ᠃ E᠓᠆Mongolia