ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ ᠰᠢᠰᠲ᠋ᠧᠮ E᠓᠆Mongoliaᠡ᠆ ᠶ᠋ᠢᠨ ᠡᠨᠡ ᠣᠨ ᠤ᠋ ᠣᠯᠤᠯᠲᠠ ᠠᠮᠵᠢᠯᠲᠠ᠂ ᠢᠷᠡᢈᠦ ᠒᠐᠒᠕ ᠣᠨ ᠳ᠋ᠤ ᠲᠣᠮᠤᠬᠠᠨ ᠥᢉᠡᠷᠡᠴᠢᠯᠡᠯᠲᠡ ᠰᠢᠨᠡᠴᠢᠯᠡᠯᠲᠡ ᢈᠢᢈᠦ ᠪᠡᠷ ᠲᠥᠯᠦᠪᠯᠡᠵᠦ ᠪᠤᠢ ᠲᠠᠯᠠᠭᠠᠷ “ᠢ᠆ ᠮᠣᠩᠭᠤᠯ ᠠᠻᠠᠳ᠋ᠧᠮᠢ” ᠤᠲᠤᠭ ᠤ᠋ᠨ ᠵᠠᢈᠢᠷᠤᠯ ᠪ᠃ᠮᠢᠭᠮᠠᠷᠨᠠᠷᠠᠨ ᠲᠠᠢ ᠶᠠᠷᠢᠯᠴᠠᠯᠠ
᠒᠐᠒᠔ ᠣᠨ ᠤ᠋ ᠠᠮᠵᠢᠯᠲᠠ ᠪᠠᠨ ᠲᠠ ᠨᠡᠶᠢᠲᠡ ᠳ᠋ᠦ ᠨᠢ ᢈᠡᠷᢈᠢᠨ ᠳ᠋ᠦᠩᠨᠡᠵᠦ᠂ ᠦᠳᠡᠵᠦ ᠪᠠᠶᠢᠨᠠ ᠪᠤᠢ?
“ᠢ᠆ ᠮᠣᠩᠭᠤᠯ ᠠᠻᠠᠳ᠋ᠧᠮᠢ”ᠰᠢ ᠶ᠋ᠢᠨ ᠬᠤᠪᠢ ᠳ᠋ᠤ ᠒᠐᠒᠔ ᠣᠨ ᠳ᠋ᠤ ᠣᠯᠤᠯᠲᠠ᠂ ᠠᠮᠵᠢᠯᠲᠠ ᠪᠠᠷ ᠳᠦᢉᠦᠷᠡᠩ ᠠᠵᠢᠯᠯᠠᠭᠰᠠᠨ᠃ ᠪᠢᠳᠡᠨ ᠦ᠋ ᠬᠤᠪᠢ ᠳ᠋ᠤ E᠓᠆Mongolia ᠔᠂ ᠬᠤᠪᠢᠯᠪᠤᠷᠢ ᠶ᠋ᠢ ᠣᠯᠠᠨ ᠨᠡᠶᠢᠲᠡ ᠳ᠋ᠦ ᠲᠠᠨᠢᠯᠴᠠᠭᠤᠯᠤᠭᠰᠠᠨ᠃ ᠮᠥᠨ ᠢᠷᢉᠡᠳ ᠦ᠋ᠨ ᠬᠤᠪᠢ ᠳ᠋ᠤ ᠲᠤᠯᠭᠠᠮᠳᠠᠭᠰᠠᠨ ᠱᠠᠭᠠᠷᠳᠠᠯᠭᠠᠲᠠᠢ ᠨᠡᠶᠢᠲᠡ ᠑᠓᠓ ᠲᠥᠷᠦᠯ ᠦ᠋ᠨ ᠦᠶᠢᠯᠡᠴᠢᠯᠡᢉᠡ ᠶ᠋ᠢ ᠡᠨᠡ ᠣᠨ ᠳ᠋ᠤ ᠬᠣᠯᠪᠤᠭᠳᠠᠬᠤ ᠪᠠᠶᠢᠭᠤᠯᠤᠯᠭᠠ ᠨᠤᠭᠤᠳ ᠲᠠᠢ ᠬᠠᠮᠲᠤᠷᠠᠨ ᠴᠠᢈᠢᠮᠵᠢᠭᠤᠯᠤᠭᠰᠠᠨ᠃ ᠵᠢᠱᠢᠶᠡᠯᠡᠪᠡᠯ:᠂ᠹ᠂
ᠳ᠋ᠢᠫᠯᠣᠮ ᠤ᠋ᠨ ᠨᠥᢈᠦᠨ ᠪᠦᠷᠢᠳᢈᠡᠯ ᠣᠯᠭᠠᠬᠤ᠂
ᠲᠥᠷᠦ ᠶ᠋ᠢᠨ ᠵᠢᠩᢈᠢᠨᠢ ᠠᠯᠪᠠᠨ ᠤ᠋ ᠰᠢᠯᠭᠠᠯᠲᠠ ᠥᢉᠴᠦ ᠲᠡᠩᠴᠡᠨ᠂ ᠨᠥᢉᠡᠴᠡ ᠳ᠋ᠦ ᠪᠦᠷᠢᠳᢈᠡᢉᠳᠡᢉᠰᠡᠨ ᠲᠤᠬᠠᠢ ᠯᠠᠪᠯᠠᠭᠠ᠂
ᠲᠥᠷᠦ ᠶ᠋ᠢᠨ ᠠᠯᠪᠠᠨ ᠬᠠᠭᠠᠭᠴᠢ ᠶ᠋ᠢᠨ ᠴᠠᠯᠢᠩ ᠤ᠋ᠨ ᠲᠤᠬᠠᠢ ᠲᠣᠳᠤᠷᠬᠠᠶᠢᠯᠠᠯᠲᠠ᠂
ᠲᠥᠷᠦ ᠶ᠋ᠢᠨ ᠠᠯᠪᠠᠨ ᠳ᠋ᠤ ᠠᠵᠢᠯᠯᠠᠵᠤ ᠪᠤᠢ ᠠᠯᠪᠠᠨ ᠬᠠᠭᠠᠭᠴᠢ ᠶ᠋ᠢᠨ ᠲᠣᠳᠤᠷᠬᠠᠶᠢᠯᠠᠯᠲᠠ᠂
ᠠᠵᠤ ᠠᠬᠤᠢ ᠨᠢᢉᠡᠴᠡ ᠶ᠋ᠢᠨ ᠳᠦᠷᠢᠮ ᠦ᠋ᠨ ᠬᠠᠭᠤᠯᠪᠤᠷᠢ ᠶ᠋ᠢ ᠴᠠᢈᠢᠮ ᠢ᠋ᠶᠠᠷ ᠠᠪᠬᠤ ᠪᠣᠯᠤᠮᠵᠢ ᠶ᠋ᠢ ᠪᠦᠷᠢᠳᠦᢉᠦᠯᠦᢉᠰᠡᠨ᠃ ᠡᢉᠦᠨ ᠢ᠋ ᠪᠡᠨ ᠳᠠᠭᠠᠭᠠᠳ ᠢᠷᢉᠡᠳ ᠦ᠋ᠨ E᠓᠆Mongolia ᠰᠢᠰᠲ᠋ᠧᠮ ᠦ᠋ᠨ ᢈᠡᠷᠡᢉᠯᠡᢉᠡ ᠡᠳᠦᠷ ᠪᠦᠷᠢ ᠨᠡᠮᠡᢉᠳᠡᠵᠦ ᠪᠠᠶᠢᠭᠠ ᠪᠥᢉᠡᠳ ᠑ ᠰᠠᠷᠠ ᠳ᠋ᠤ ᠳᠤᠮᠳᠠᠵᠢ ᠪᠠᠷ ᠳᠠᠪᠲᠠᠭᠳᠠᠭᠰᠠᠨ ᠲᠣᠭᠠ ᠪᠠᠷ ᠒ ᠰᠠᠶᠢ ᠭᠠᠷᠤᠢ ᠦᠶᠢᠯᠡᠴᠢᠯᠡᢉᠡ ᠶ᠋ᠢ ᠖᠐᠐᠂᠐᠐᠐ ᠭᠠᠷᠤᠢ ᠢᠷᢉᠡᠳ ᠠᠪᠴᠤ ᠪᠠᠶᠢᠨᠠ᠃
ᠢᠷᠡᠵᠦ ᠪᠤᠢ ᠒᠐᠒᠕ ᠣᠨ ᠳ᠋ᠤ ᠶᠠᠮᠠᠷ ᠲᠣᠮᠤᠬᠠᠨ ᠥᢉᠡᠷᠡᠴᠢᠯᠡᠯᠲᠡ᠂ ᠰᠢᠨᠡᠴᠢᠯᠡᠯᠲᠡ ᠶ᠋ᠢ ᢈᠢᢈᠦ ᠶ᠋ᠢ ᠵᠣᠷᠢᠵᠤ ᠪᠠᠶᠢᠨᠠ ᠪᠤᠢ?
ᠴᠠᢈᠢᠮ ᢈᠥᢉᠵᠢᠯ᠂ ᠢᠨ᠋ ᠨᠣᠸᠠᠼ᠂ ᠬᠠᠷᠢᠯᠴᠠᠭᠠ ᠬᠣᠯᠪᠤᠭᠠᠨ ᠤ᠋ ᠶᠠᠮᠤ ᠲᠠᠢ ᠬᠠᠮᠲᠤᠷᠠᠨ ᠴᠠᠭᠠᠰᠢᠳᠠ ᠨᠡᠩ ᠲᠡᠷᠢᢉᠦᠨ ᠳ᠋ᠦ ᠬᠤᠪᠢ ᠶ᠋ᠢᠨ ᢈᠡᠪᠰᠢᠯ ᠢ᠋ᠶᠡᠨ ᠳᠡᠮᠵᠢᢈᠦ᠂ ᠴᠠᢈᠢᠮᠵᠢᠯᠲᠠ ᠶ᠋ᠢ ᠨᠡᠪᠲᠡᠷᠡᢉᠦᠯᢈᠦ ᠡᠴᠡ ᠭᠠᠳᠠᠨᠠ ᠡᠨᠡ ᠴᠢᢉᠯᠡᠯ ᠢ᠋ᠶᠡᠷ ᠮᠠᠩᠯᠠᠶᠢᠯᠠᠵᠤ ᠠᠵᠢᠯᠯᠠᠵᠤ ᠪᠤᠢ ᠬᠤᠪᠢ ᠶ᠋ᠢᠨ ᢈᠡᠪᠰᠢᠯ ᠦ᠋ᠨ ᠪᠠᠶᠢᠭᠤᠯᠤᠯᠭᠠ ᠨᠤᠭᠤᠳ ᠲᠠᠢ ᠬᠠᠮᠲᠤᠷᠠᠨ ᠦᠶᠢᠯᠡᠴᠢᠯᠡᢉᠡ ᠨᠦ᠋ᢉᠦᠳ ᠢ᠋ ᢈᠦᠷᢈᠡᠨᠡ᠃ ᠮᠥᠨ ᢈᠢᠮᠡᠯ ᠣᠶᠤᠨ ᠤᠬᠠᠭᠠᠨ ᠤ᠋ ᠴᠢᢉᠯᠡᠯ ᠢ᠋ᠶᠡᠷ ᠣᠯᠠᠨ ᠤᠯᠤᠰ ᠤ᠋ᠨ ᠰᠢᠯᠢᠳᠡᢉ ᠲᠤᠷᠰᠢᠯᠭᠠ ᠶ᠋ᠢ ᠮᠣᠩᠭᠣᠯ ᠤᠯᠤᠰ ᠲᠤ ᠪᠠᠨ ᠨᠡᠪᠲᠡᠷᠡᢉᠦᠯᢈᠦ᠂ ᠲᠡᢉᠦᠨᠴᠢᠯᠡᠨ ᠮᠠᠨ ᠤ᠋ ᠰᠢᠰᠲ᠋ᠧᠮ ᠳ᠋ᠦ ᠣᠷᠤᠭᠰᠠᠨ ᠦᠶᠢᠯᠡᠴᠢᠯᠡᢉᠡ ᠶ᠋ᠢ ᠪᠤᠰᠤᠳ ᢈᠥᢉᠵᠢᠵᠦ ᠪᠤᠢ ᠤᠯᠤᠰ ᠲᠤ ᠨᠡᠪᠲᠡᠷᠡᢉᠦᠯᢈᠦ ᠵᠣᠷᠢᠯᠲᠠ ᠨᠤᠭᠤᠳ ᠢ᠋ ᠲᠠᠯᠪᠢᠵᠤ ᠪᠠᠶᠢᠭᠠ ᠶᠠᠭᠤᠮᠠ᠃
᠒᠐᠒᠕ ᠣᠨ ᠳ᠋ᠤ ᠪᠢᠳᠡ ᠪᠦᢈᠦᠨ ᠢᠷᢉᠡᠨ ᠳ᠋ᠦ ᢈᠡᠷᠡᢉᠲᠡᠢ ᠪᠠᠶᠢᠭᠠ ᠦᠶᠢᠯᠡᠴᠢᠯᠡᢉᠡ ᠪᠡᠨ ᠵᠠᠪᠠᠯ ᠬᠠᠶᠢᠬᠤ ᠱᠠᠭᠠᠷᠳᠠᠯᠭᠠ ᠦᢉᠡᠢ ᠪᠢᠳᠡ ᠢᠷᢉᠡᠨ ᠢ᠋ᠶᠡᠨ ᠲᠠᠨᠢᠶᠠᠳ ᢈᠡᠷᠡᢉᠴᠡᢉᠡ ᠲᠡᠢ ᠪᠠᠶᠢᠭᠠ ᠦᠢᠯᠡᠴᠢᠯᠡᢉᠡ ᠶ᠋ᠢ ᠨᠢ ᠰᠠᠨᠠᠯ ᠪᠣᠯᠭᠠᠬᠤ ᠪᠥᢉᠡᠳ ᢈᠢᠮᠡᠯ ᠣᠶᠤᠨ ᠳ᠋ᠤ ᠰᠠᠭᠤᠷᠢᠯᠠᠭᠰᠠᠨ ᠲᠥᠷᠦ ᠶ᠋ᠢᠨ ᠦᠶᠢᠯᠡᠴᠢᠯᠡᢉᠡ ᠶ᠋ᠢ ᠢᠷᢉᠡᠨ ᠳ᠋ᠦ ᢈᠦᠷᢈᠡᢈᠦ ᠪᠡᠷ ᠲᠥᠯᠦᠪᠯᠡᠵᠦ ᠪᠠᠶᠢᠨᠠ᠃ ᠥᠩᢉᠡᠷᠡᢉᠰᠡᠨ ᠳᠣᠯᠤᠭᠠ ᠬᠣᠨᠤᠭ ᠲᠤ ᠪᠢᠳᠡ ᠪᠠᠶᠠᠯᠢᠭ ᠤ᠋ᠨ ᠰᠠᠩ᠂ ᠬᠤᠷᠠᠮᠲᠤᠯᠠᠯ ᠤ᠋ᠨ ᠰᠠᠩ ᠤ᠋ᠨ ᠮᠡᠳᠡᢉᠡᠯᠡᠯ ᠢ᠋ E᠓᠆Mongolia ᠰᠢᠰᠲ᠋ᠧᠮ ᠳ᠋ᠦ ᠪᠠᠶᠢᠷᠢᠰᠢᠭᠤᠯᠤᠭᠰᠠᠨ ᠥᢉᠡᠷᠡ ᠪᠡᠷ ᢈᠡᠯᠡᠪᠡᠯ ᠢᠷᢉᠡᠨ ᠥᠪᠡᠷ ᠲᠦ ᠪᠠᠶᠢᠭᠠ ᠪᠠᠶᠠᠯᠢᠭ ᠤ᠋ᠨ ᠰᠠᠩ ᠤ᠋ᠨ ᠮᠡᠳᠡᢉᠡᠯᠡᠯ ᠢ᠋ ᠬᠤᠪᠢ ᠶ᠋ᠢᠨ ᠫᠷᠤᠹᠠᠶᠢᠯ ᠼᠧᠰᠧ ᠡᠴᠡ ᠪᠡᠨ ᠬᠠᠷᠠᠬᠤ ᠪᠣᠯᠤᠮᠵᠢ ᠲᠠᠢ ᠪᠣᠯᠤᠭᠰᠠᠨ᠃ ᠥᠴᠦᢉᠡᠳᠦᠷ ᠪᠤᠶᠤ ᠒᠐᠒᠔ ᠣᠨ ᠤ᠋ ᠑᠒ ᠳ᠋ᠤᠭᠠᠷ ᠰᠠᠷᠠ ᠶ᠋ᠢᠨ ᠒᠗ᠠ ᠨᠠ ᠡᠳᠦᠷ ᠴᠠᢈᠢᠮ ᢈᠥᢉᠵᠢᠯ᠂ ᠢᠨ᠋ ᠨᠣᠸᠠᠼ᠂ ᠬᠠᠷᠢᠯᠴᠠᠭᠠ ᠬᠣᠯᠪᠤᠭᠠᠨ ᠤ᠋ ᠶᠠᠮᠤ᠂ ᢉᠡᠷ ᠪᠦᠯᠢ᠂ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤ ᠲᠠᠢ ᠬᠠᠮᠲᠤᠷᠠᠨ ᠲᠡᠳᢈᠦᠪᠦᠷᠢ ᠶ᠋ᠢᠨ ᠰᠠᠩ ᠤ᠋ᠨ ᠮᠡᠳᠡᢉᠡᠯᠡᠯ ᠢ᠋ ᠨᠡᠪᠲᠡᠷᠡᢉᠦᠯᠦᢉᠰᠡᠨ᠃ ᠢᠩᢉᠢᢉᠰᠡᠨ ᠢ᠋ᠶᠡᠷ ᠨᠡᠶᠢᢉᠡᠮ ᠦ᠋ᠨ ᠳᠠᠭᠠᠳᠬᠠᠯ ᠲᠥᠯᠦᠵᠦ ᠪᠤᠢ ᠢᠷᢉᠡᠨ ᠥᠪᠡᠷ ᠦ᠋ᠨ ᠲᠡᠳᢈᠦᠪᠦᠷᠢ ᠶ᠋ᠢᠨ ᠰᠠᠩ ᠤ᠋ᠨ ᠬᠤᠷᠠᠮᠲᠤᠯᠠᠯ ᠤ᠋ᠨ ᠮᠡᠳᠡᢉᠡᠯᠡᠯ ᠢ᠋ ᠬᠠᠷᠠᠬᠤ ᠪᠣᠯᠤᠮᠵᠢ ᠲᠠᠢ ᠪᠣᠯᠤᠭᠰᠠᠨ᠃ ᠴᠠᠭᠠᠰᠢᠳᠠ ᠢᠷᢉᠡᠳ ᠦ᠋ᠨ ᠬᠤᠪᠢ ᠳ᠋ᠤ ᢈᠡᠷᠡᢉᠲᠡᠢ᠂ ᠨᠡᠩ ᠱᠠᠭᠠᠷᠳᠠᠯᠭᠠᠲᠠᠢ ᠦᠶᠢᠯᠡᠴᠢᠯᠡᢉᠡ ᠨᠦ᠋ᢉᠦᠳ ᠢ᠋ ᠰᠤᠳᠤᠯᠵᠤ ᠴᠠᢈᠢᠮᠵᠢᠭᠤᠯᠬᠤ ᠪᠠᠷ ᠲᠥᠯᠦᠪᠯᠡᠵᠦ ᠪᠠᠶᠢᠨᠠ᠃
ᠮᠣᠩᠭᠣᠯ ᠤᠯᠤᠰ ᠤ᠋ᠨ ᠲᠥᠷᠦ ᠶ᠋ᠢᠨ ᠦᠢᠯᠡᠴᠢᠯᠡᢉᠡᠨ ᠦ᠋ ᠴᠠᢈᠢᠮᠵᠢᠯᠲᠠ ᠶᠠᠮᠠᠷ ᠱᠠᠲᠤᠨ ᠳ᠋ᠤ ᢈᠦᠷᠦᢉᠰᠡᠨ ᠪᠤᠢ ?
E᠓᠆Mongolia ᠰᠢᠰᠲ᠋ᠧᠮ ᠒᠐᠒᠐ ᠣᠨ ᠤ᠋ ᠑᠐ ᠳ᠋᠋ᠤᠭᠠᠷ ᠰᠠᠷᠠ ᠶ᠋ᠢᠨ ᠐᠑᠆ ᠶ᠋ᠢᠨ ᠡᠳᠦᠷ ᠨᠡᠪᠲᠡᠷᠡᢉᠰᠡᠨ ᠡᠴᠡ ᠬᠣᠶᠢᠰᠢ ᠢᠷᢉᠡᠨ᠂ ᠬᠠᠤᠯᠢ ᠶ᠋ᠢᠨ ᠡᠲᠡᢉᠡᠳ ᠲᠦ ᠨᠡᠶᠢᠲᠡ ᠖᠓ ᠰᠠᠶᠠ ᠤᠳᠠᠭᠠ ᠶ᠋ᠢᠨ ᠦᠶᠢᠯᠡᠴᠢᠯᠡᢉᠡ ᠶ᠋ᠢ ᠠᠮᠵᠢᠯᠲᠠᠲᠠᠢ ᠴᠠᢈᠢᠮ ᠢ᠋ᠶᠠᠷ ᢈᠦᠷᢈᠡᢉᠰᠡᠨ᠃ ᠔ ᠵᠢᠯ ᠦ᠋ᠨ ᠬᠤᠭᠤᠴᠠᠭᠠᠨ ᠳ᠋ᠤ E᠓᠆Mongolia ᠰᠢᠰᠲ᠋ᠧᠮ ᢈᠡᠷᠡᢉᠯᠡᢉᠴᠢ ᠶ᠋ᠢᠨ ᠲᠣᠭᠠ ᠑᠂᠙ ᠰᠠᠶᠠ ᠳ᠋ᠤ ᢈᠦᠷᠴᠦ ᠨᠠᠰᠤᠨ ᠳ᠋ᠤ ᢈᠦᠷᠦᢉᠰᠡᠨ ᠕ ᢈᠦᠮᠦᠨ ᠲᠤᠲᠤᠮ ᠤ᠋ᠨ ᠨᠢᢉᠡ ᠨᠢ ᠠᠰᠢᠭᠯᠠᠳᠠᠭ ᠮᠣᠩᠭᠣᠯ ᠤ᠋ᠨ ᠬᠠᠮᠤᠭ ᠤ᠋ᠨ ᠲᠣᠮᠤ ᠰᠢᠰᠲ᠋ᠧᠮ ᠪᠣᠯᠤᠭᠰᠠᠨ᠃
E᠓᠆Mongolia ᠰᠢᠰᠲ᠋ᠧᠮ ᠢ᠋ ᠠᠰᠢᠭᠯᠠᠨ ᠢᠷᢉᠡᠳ ᠒ ᠴᠠᠭ ᠓᠐ ᠮᠢᠨᠦᠲ ᠵᠠᠷᠤᠴᠠᠭᠤᠯᠤᠨ ᠠᠪᠬᠤ ᠦᠶᠢᠯᠡᠴᠢᠯᠡᢉᠡ ᠶ᠋ᠢ ᠳᠤᠨᠳᠠᠵᠢ ᠪᠠᠷ ᠕ ᠮᠢᠨᠦᠲ ᠲᠤ ᠠᠪᠬᠤ ᠪᠣᠯᠤᠮᠵᠢ ᠶ᠋ᠢ ᠪᠤᠢ ᠪᠣᠯᠭᠠᠵᠤ ᠵᠠᠮ ᠤ᠋ᠨ ᠲᠦᢉᠵᠢᠷᠡᠯ ᠳ᠋ᠦ ᠥᠷᠲᠦᢈᠦ ᠦᢉᠡᠢ ᠰᠠᠩᢈᠦᠦ ᠪᠡᠨ ᢈᠡᠮᠨᠡᢈᠦ ᠪᠣᠯᠤᠮᠵᠢ ᠲᠠᠢ᠃
ᠲᠤᠬᠠᠶᠢᠯᠠᠪᠠᠯ: ᠒᠐᠒᠐᠆᠒᠐᠒᠔ ᠣᠨ ᠳ᠋ᠤ ᠢᠷᢉᠡᠨ ᠲᠥᠷᠦ ᠶ᠋ᠢᠨ ᠦᠶᠢᠯᠡᠴᠢᠯᠡᢉᠡ ᠠᠪᠬᠤ ᠳ᠋ᠤ ᠪᠠᠨ ᠵᠠᠷᠤᠴᠠᠭᠤᠯᠵᠤ ᠪᠤᠢ ᠬᠤᠭᠤᠴᠠᠭᠠᠨ ᠠ᠋ᠴᠠ ᠡᢉᠦᠳᠦᠯᠲᠡᠢ ᠵᠠᠷᠤᠳᠠᠯ ᠑᠂᠑᠙᠘᠂᠖᠗᠔᠂᠑᠗᠘᠂᠑᠘᠑
ᠪᠢᠴᠢᢉ ᠴᠠᠭᠠᠰᠤᠨ ᠤ᠋ ᠵᠠᠷᠤᠳᠠᠯ ᠕᠂᠖᠘᠓᠂᠙᠒᠗᠂᠕᠖᠘
ᠨᠡᠶᠢᠲᠡ ᠲᠥᠷᠦ ᠶ᠋ᠢᠨ ᠦᠢᠯᠡᠴᠢᠯᠡᢉᠡ ᠠᠪᠬᠤ ᠳ᠋ᠤ ᠪᠠᠨ ᠦᠶᠢᠯᠡᠴᠢᠯᠡᢉᠡ ᠦᠵᠡᢉᠦᠯᠦᢉᠴᠢ ᠪᠠᠶᠢᠭᠤᠯᠤᠯᠭᠠ ᠤᠷᠤᠭᠤ ᠢᠷᠡᠵᠦ ᠪᠤᠴᠠᠬᠤ ᠦᠶᠢᠯᠡ ᠠᠵᠢᠯᠯᠠᠭᠠ ᠤᠨᠤᠭᠠᠨ ᠤ᠋ ᠵᠠᠷᠤᠳᠠᠯ ᠗᠙᠂᠕᠕᠕᠂᠙᠔᠓ ᠗᠘᠕
ᠨᠡᠶᠢᠲᠡ ᠑᠂᠒᠘᠓᠂᠙᠑᠔᠂᠐᠔᠙᠂᠕᠓᠔ ᢈᠡᠮᠨᠡᢉᠰᠡᠨ ᠪᠠᠶᠢᠨᠠ᠃
ᠴᠠᢈᠢᠮ ᠵᠠᠰᠠᠭᠯᠠᠯ ᠤ᠋ᠨ ᢈᠥᢉᠵᠢᠯ ᠦ᠋ᠨ ᠢᠨ᠋ᠳᠧᠻᠰ ᠢ᠋ᠶᠡᠷ ᠑᠙᠓ ᠣᠷᠤᠨ ᠠ᠋ᠴᠠ ᠒᠘ ᠪᠠᠶᠢᠷᠢ ᠪᠠᠷ ᠤᠷᠤᠭᠰᠢᠯᠠᠵᠤ ᠔᠖ ᠳ᠋᠋ᠤᠭᠠᠷ ᠪᠠᠶᠢᠷᠢᠨ ᠳ᠋ᠤ ᠡᠷᠢᠮᠪᠡᠯᠡᢉᠳᠡᠵᠦ᠂ ᠳᠡᠯᠡᢈᠡᠢ ᠶ᠋ᠢᠨ ᠢᠨᠨᠤᠸᠠᠼ ᠤ᠋ᠨ ᠢᠨᠳᠧᠻᠰ ᠢ᠋ᠶᠡᠷ ᠑᠓᠒ ᠣᠷᠤᠨ ᠠ᠋ᠴᠠ ᠖᠗ ᠪᠠᠶᠢᠷᠢᠨ ᠳ᠋ᠤ ᠡᠷᠢᠮᠪᠡᠯᠡᢉᠳᠡᢉᠰᠡᠨ ᠠᠮᠵᠢᠯᠲᠠ ᠨᠤᠭᠤᠳ ᠢ᠋ ᠦᠵᠡᢉᠦᠯᠦᢉᠡᠳ ᠪᠠᠶᠢᠨᠠ᠃ ᠮᠥᠨ ᠣᠯᠠᠨ ᠤᠯᠤᠰ ᠤ᠋ᠨ “Open Governance Award” ᠂ᠹ᠂ Global Government Excellence Award ᠱᠠᠩᠨᠠᠯ ᠤ᠋ᠳ ᠢ᠋ ᢈᠦᠷᠲᠡᢉᠰᠡᠨ᠃
ᠪᠢᠳᠡ ᠪᠦᢈᠦᠨ ᠴᠠᠭᠠᠰᠢᠳᠠ ᠪᠠᠨ ᠴᠤ ᢉᠡᠰᠡᠨ ᠢᠷᢉᠡᠨ ᠲᠥᠷᠦ ᠶ᠋ᠢᠨ ᠦᠢᠯᠡᠴᠢᠯᠡᢉᠡ ᠶ᠋ᠢ ᠠᠪᠬᠤ ᠳ᠋ᠤ ᠢᠯᠡᢉᠦᠦ ᢈᠢᠯᠪᠠᠷ ᠪᠠᠶᠢᠯᠭᠠᠬᠤ᠂ ᠲᠥᠷᠦ ᠶ᠋ᠢᠨ ᠪᠦᠲᠦᢉᠡᠮᠵᠢ ᠶ᠋ᠢ ᠰᠠᠶᠢᠵᠢᠷᠠᠭᠤᠯᠬᠤ ᠴᠢᢉᠯᠡᠯ ᠢ᠋ᠶᠡᠷ ᠠᠵᠢᠯᠯᠠᠬᠤ ᠪᠠᠷ ᠲᠥᠯᠦᠪᠯᠡᠵᠦ ᠪᠠᠶᠢᠨᠠ᠃
ᠰᠡᢉᠦᠯ ᠦ᠋ᠨ ᠦᠶᠡ ᠶ᠋ᠢᠨ ᠣᠨᠴᠠᠯᠠᠬᠤ ᠦᠢᠯᠡᠴᠢᠯᠡᢉᠡ ᠨᠦ᠋ᢉᠦᠳ ᠦ᠋ᠨ ᠲᠠᠯᠠᠭᠠᠷ ᠳᠤᠷᠠᠳᠪᠠᠯ?
E᠓᠆Mongolia ᠰᠢᠰᠲ᠋ᠧᠮ ᠳᠡᢉᠡᠷᠡ ᠥᠨᠦᠳᠦᠷ ᠦ᠋ᠨ ᠪᠠᠶᠢᠳᠠᠯ ᠢ᠋ᠶᠠᠷ ᠘᠗ ᠪᠠᠶᠢᠭᠤᠯᠤᠯᠭᠠ ᠶ᠋ᠢᠨ ᠑᠒᠖᠓ ᠦᠶᠢᠯᠡᠴᠢᠯᠡᢉᠡ ᠴᠠᢈᠢᠮ ᠢ᠋ᠶᠠᠷ ᠣᠷᠤᠭᠰᠠᠨ᠃ ᠦᠶᠢᠯᠡᠴᠢᠯᠡᢉᠡᠨ ᠦ᠋ ᠲᠣᠭᠠ ᠨᠡᠮᠡᢉᠳᠡᢈᠦ ᠶ᠋ᠢᠨ ᢈᠡᠷ ᠢ᠋ᠶᠡᠷ ᢈᠡᠷᠡᢉᠴᠡᢉᠡ ᠱᠠᠭᠠᠷᠳᠠᠯᠭᠠ ᠴᠤ ᠨᠡᠮᠡᢉᠳᠡᠵᠦ ᠪᠠᠶᠢᠭᠠ᠃ ᠰᠠᠯᠪᠤᠷᠢ ᠶ᠋ᠢᠨ ᠵᠦᢉ ᠡᠴᠡ ᠲᠥᠷᠦ ᠶ᠋ᠢᠨ ᠦᠢᠯᠡᠴᠢᠯᠡᢉᠡ ᠶ᠋ᠢ ᠴᠠᢈᠢᠮᠵᠢᠭᠤᠯᠬᠤ ᠢᠷᢉᠡᠨ ᠳ᠋ᠦ ᠢᠯᠡᢉᠦᠦ ᢈᠢᠯᠪᠠᠷ ᠪᠣᠯᠭᠠᠬᠤ ᠴᠢᢉᠯᠡᠯ ᠢ᠋ᠶᠡᠷ ᠪᠤᠰᠤᠳ ᠬᠣᠯᠪᠤᠭᠳᠠᠬᠤ ᠪᠠᠶᠢᠭᠤᠯᠤᠯᠭᠠ ᠨᠤᠭᠤᠳ ᠲᠠᠢ ᠬᠠᠮᠲᠤᠷᠠᠨ ᠴᠠᢈᠢᠮ ᠰᠢᠯᠵᠢᠯᠲᠡ ᠶ᠋ᠢ ᠮᠠᠩᠯᠠᠶᠢᠯᠠᠨ ᠠᠵᠢᠯᠯᠠᠵᠤ ᠪᠠᠶᠢᠨᠠ᠃
ᠡᢉᠦᠨ ᠢ᠋ ᠨᠢᢉᠡ ᠲᠣᠳᠤ ᠵᠢᠱᠢᠶᠡ ᠨᠢ ᢉᠡᠪᠡᠯ ᠪᠢᠳᠡᠨ ᠦ᠋ ᠦᠶᠢᠯᠡ ᠠᠵᠢᠯᠯᠠᠭᠠ ᠶ᠋ᠢ ᠣᠯᠠᠨ ᠤᠯᠤᠰ ᠲᠤ ᠦᠨᠡᠯᠡᠵᠦ ᠨᠦᠪ ᠳ ᠬᠣᠶᠠᠷ ᠵᠢᠯ ᠲᠤᠲᠤᠮ ᠳ᠋ᠤ ᠨᠢᢉᠡ ᠤᠳᠠᠭᠠ ᠭᠠᠷᠳᠠᠭ ᠴᠠᢈᠢᠮ ᠵᠠᠰᠠᠭᠯᠠᠯ ᠤ᠋ᠨ ᢈᠥᢉᠵᠢᠯ ᠦ᠋ᠨ ᠢᠨᠳᠧᠻᠰ ᠢ᠋ᠶᠡᠷ ᠮᠠᠨ ᠤ᠋ ᠤᠯᠤᠰ ᠒᠐᠒᠒ ᠣᠨ ᠳ᠋ᠤ ᠗᠔ ᠳ᠋ᠦ᠋ᢉᠡᠷ ᠪᠠᠶᠢᠷᠢ ᠳ᠋ᠤ ᠵᠢᠭᠰᠠᠵᠤ ᠪᠠᠶᠢᠭᠰᠠᠨ ᠪᠣᠯ ᠒᠐᠒᠔ ᠣᠨ ᠳ᠋ᠤ ᠒᠘ ᠪᠠᠶᠢᠷᠢ ᠪᠠᠷ ᠤᠷᠤᠭᠰᠢᠯᠠᠵᠤ ᠔᠖ ᠳ᠋ᠤᠭᠠᠷ ᠪᠠᠶᠢᠷᠢ ᠳ᠋ᠤ ᠣᠷᠤᠭᠰᠠᠨ ᠪᠥᢉᠡᠳ ᠴᠠᢈᠢᠮ ᠵᠠᠰᠠᠭᠯᠠᠯ ᠤ᠋ᠨ ᢈᠥᢉᠵᠢᠯ ᠦ᠋ᠨ ᠢᠨᠳᠧᠻᠰ ᠢ᠋ᠶᠡᠷ ᠢ᠋ᠶᠡᠨ ᠳᠡᠯᠡᢈᠡᠢ ᠶ᠋ᠢᠨ ᠰᠢᠯᠢᠳᠡᢉ ᠕᠐ ᠤᠯᠤᠰ ᠤ᠋ᠨ ᠨᠢᢉᠡ ᠪᠣᠯᠵᠤ ᠴᠢᠳᠠᠭᠰᠠᠨ᠃ ᠡᠨᠡ ᠪᠣᠯ ᠮᠠᠨ ᠤ᠋ ᠰᠠᠯᠪᠤᠷᠢ ᠶ᠋ᠢᠨ ᠪᠣᠳᠤᠯᠭᠠ ᠪᠤᠰᠤᠳ ᠬᠣᠯᠪᠤᠭᠳᠠᠬᠤ ᠪᠠᠶᠢᠭᠤᠯᠤᠯᠭᠠ ᠨᠤᠭᠤᠳ ᠲᠠᠢ ᠬᠠᠮᠲᠤᠷᠠᠨ ᠠᠵᠢᠯᠯᠠᠭᠰᠠᠨ ᠤ᠋ ᠦᠷᠡ ᠳ᠋ᠦᠩ ᠳ᠋ᠦ ᠡᠨᠡ ᠠᠮᠵᠢᠯᠲᠠ ᠶ᠋ᠢ ᠭᠠᠷᠭᠠᠭᠰᠠᠨ᠃ ᠲᠠ ᠪᠦᢈᠦᠨ ᠳ᠋ᠦ ᠪᠡᠨ ᠪᠠᠶᠠᠷᠯᠠᠯᠤᠭᠠ᠃