ᠤᠯᠤᠰ ᠣᠷᠤᠨ ᠳᠠᠶᠠᠭᠠᠷ ᠒᠐᠒᠕ ᠣᠨ ᠤ᠋ ᠐᠑ ᠰᠠᠷᠠ ᠶ᠋ᠢᠨ ᠐᠖ -ᠨᠠᠭᠠᠰᠤ ᠒ ᠳ᠋ᠤᠭᠠᠷ ᠰᠠᠷᠠ ᠶ᠋ᠢᠨ ᠑᠕-ᠨ ᠤ᠋ ᠡᠳᠦᠷ ᠦ᠋ᠳ ᠲᠦ ᠶᠠᠪᠤᠭᠳᠠᠵᠤ ᠪᠠᠶᠢᠨᠠ᠃ ᠮᠣᠩᠭᠤᠯ ᠤᠯᠤᠰ ᠤ᠋ᠨ ᠢᠷᢉᠡᠨ ᠑᠘-᠕᠐ ᠨᠠᠰᠤᠨ ᠤ᠋ ᠴᠡᠷᠢᢉ ᠦ᠋ᠨ ᠡᢉᠦᠷᢉᠡᠲᠡᠨ ᠨᠦ᠋ᢉᠦᠳ᠂ ᠖᠕ ᢈᠦᠷᠲᠡᠯᠡᢈᠢ ᠨᠠᠰᠤᠨ ᠤ᠋ ᠪᠡᠯᠡᠳᢈᠡᠯ ᠣᠹᠢᠼᠧᠷ ᠤ᠋ᠳ᠂ ᠴᠡᠷᠢᢉ ᠦ᠋ᠨ ᠪᠦᠷᠢᠳᢈᠡᠯ ᠲᠡᠢ ᠮᠡᠷᢉᠡᠵᠢᠯ ᠡᠵᠡᠮᠰᠢᢉᠰᠡᠨ ᠡᠮᠡᢉᠲᠡᠢᠢᠴᠦᠳ ᠵᠢᠯ ᠳ᠋ᠦ ᠨᠢᢉᠡ ᠤᠳᠠᠭᠠ ᠪᠦᠷᠢᠳᢈᠡᠯ ᠳ᠋ᠦ ᠬᠠᠮᠤᠷᠤᠭᠳᠠᠬᠤ ᠡᢉᠦᠷᢉᠡ ᠲᠡᠢ ᠪᠠᠶᠢᠳᠠᠭ᠃ ᠲᠤᠬᠠᠶᠢᠯᠠᠪᠠᠯ:
• ᠳᠡᢉᠡᠳᠦ ᠣᠹᠢᠼᠧᠷ /ᢉᠧᠨᠧᠷᠠᠯ/ – ᠖᠕ ᠨᠠᠰᠤ
• ᠠᠬᠠᠯᠠᠬᠤ ᠣᠹᠢᠼᠧᠷ – ᠖᠐ ᠨᠠᠰᠤ
• ᠳᠤᠮᠳᠠ ᠣᠹᠢᠼᠧᠷ᠂ ᠠᠬᠠᠯᠠᠭᠴᠢ – ᠕᠕ ᠨᠠᠰᠤ
• ᠡᠮᠡᢉᠲᠡᠢ ᠣᠹᠢᠼᠧᠷ᠂ ᠠᠬᠠᠯᠠᠭᠴᠢ ᠪᠣᠯᠤᠨ ᠪᠠᠶᠢᠯᠳᠤᠭᠴᠢ᠂ ᠲᠦᠷᠦᢉᠦᠴᠢ /ᠢᠷᢉᠡᠨ/ – ᠕᠐ ᠨᠠᠰᠤ ᠬᠠᠮᠢᠶᠠᠷᠬᠤ ᠶᠤᠮ᠃ ᠴᠡᠷᠢᢉ ᠦ᠋ᠨ ᠪᠦᠷᠢᠳᢈᠡᠯ ᠦ᠋ᠨ ᢈᠦᠰᠡᠯᠲᠡ ᠢᠯᠡᢉᠡᢈᠦ ᠳ᠋ᠦ ᠪᠡᠨ ᠳᠠᠷᠠᠭᠠᢈᠢ ᠵᠦᠢᠯᠡᠰ ᠢ᠋ ᠠᠩᠬᠠᠷᠤᠨᠠ ᠤᠤ! ᠑᠃ ᠴᠡᠷᠢᢉ ᠦ᠋ᠨ ᠡᢉᠦᠷᢉᠡᠲᠡᠨ ᠦ᠋ ᠦᠨᠡᠮᠯᠡᢈᠦ ᠦᢉᠡᠢ ᠪᠤᠶᠤ ᠬᠠᠶᠠᠵᠤ ᢉᠡᢉᠡᢉᠰᠡᠨ ᠲᠣᢈᠢᠶᠠᠯᠳᠤᠯ ᠳ᠋ᠤ ᠬᠠᠷᠢᠶᠠ ᠠᠶᠢᠮᠠᠭ᠂ ᠳᠡᢉᠦᠷᢉᠡ ᠶ᠋ᠢᠨ ᠵᠢᠳᠲᠦ- ᠤ᠋ᠨ ᠴᠡᠷᠢᢉ ᠦ᠋ᠨ ᠱᠲ᠋ᠠᠪ ᠲᠤ ᠥᠪᠡᠷ ᠦ᠋ᠨ ᠪᠡᠶᠡ ᠪᠡᠷ ᠣᠴᠢᠨ ᠦᠨᠡᠮᠯᠡᢈᠦ ᠪᠡᠨ ᠠᠪᠬᠤ ᠱᠠᠭᠠᠷᠳᠠᠯᠭᠠᠲᠠᠢ᠃ ᠓᠃ ᠬᠠᠶ᠋ᠢᠭ ᠤ᠋ᠨ ᠰᠢᠯᠵᠢᠯᠲᠡ ᢈᠢᠯᢉᠡᢉᠰᠡᠨ ᠢᠷᢉᠡᠳ ᠣᠷᠤᠰᠢᠨ ᠰᠠᠭᠤᠭᠠ ᠠᠶᠢᠮᠠᠭ᠂ ᠳᠡᢉᠦᠷᢉᠡ ᠶ᠋ᠢᠨ ᠴᠡᠷᠢᢉ ᠦ᠋ᠨ ᠱᠲ᠋ᠠᠪ ᠲᠤ ᠬᠠᠨᠳᠤᠨ ᠰᠢᠯᠵᠢᠯᠲᠡ ᢈᠥᠳᠡᠯᢉᠡᢉᠡᠨ ᠢ᠋ᠶᠡᠨ ᠪᠠᠲᠤᠯᠠᠭᠠᠵᠢᠭᠤᠯᠵᠤ ᠪᠦᠷᠢᠳᢈᠡᠯ ᠢ᠋ᠶᠡᠨ ᢈᠢᠯᢉᠡᢈᠦ ᠱᠠᠭᠠᠷᠳᠠᠯᠭᠠ ᠲᠠᠢ᠃ ᢈᠡᠷᠪᠡ ᠴᠡᠷᠢᢉ ᠦ᠋ᠨ ᠪᠦᠷᠢᠳᢈᠡᠯ ᠳ᠋ᠦ ᠴᠠᢈᠢᠮ ᠢ᠋ᠶᠠᠷ ᠬᠠᠮᠤᠷᠤᠭᠳᠠᠬᠤ ᠪᠣᠯᠤᠮᠵᠢ ᠦᢉᠡᠢ ᠲᠣᢈᠢᠶᠠᠯᠳᠤᠯ ᠳ᠋ᠤ ᠥᠪᠡᠷ ᠦ᠋ᠨ ᠬᠠᠷᠢᠶᠠ ᠳᠡᢉᠦᠷᢉᠡ ᠶ᠋ᠢᠨ ᠴᠡᠷᠢᢉ ᠦ᠋ᠨ ᠱᠲ᠋ᠠᠪ ᠳᠡᢉᠡᠷᠡ ᠪᠡᠨ ᠳᠠᠷᠠᠭᠠᢈᠢ ᠮᠠᠲ᠋ᠧᠷᠢᠠᠯ ᠤ᠋ᠳ ᠢ᠋ ᠪᠦᠷᠢᠳᠦᢉᠦᠯᠵᠦ ᠣᠴᠢᠨᠠ᠃ ᠡᢉᠦᠨ ᠳ᠋ᠦ:
• ᠴᠡᠷᠢᢉ ᠦ᠋ᠨ ᠡᢉᠦᠷᢉᠡᠲᠡᠨ ᠦ᠋ ᠦᠨᠡᠮᠯᠡᢈᠦ
• ᠢᠷᢉᠡᠨ ᠦ᠋ ᠦᠨᠡᠮᠯᠡᢈᠦ
• ᠲᠤᠬᠠᠢ ᠶ᠋ᠢᠨ ᠢᠷᢉᠡᠨ ᠥᠪᠡᠷ ᠢ᠋ᠶᠡᠨ ᠪᠠᠶᠢᠬᠤ ᠦᢉᠡᠢ ᠪᠣᠯ ᢉᠡᠷ ᠪᠦᠯᠢ ᠶ᠋ᠢᠨ ᢉᠡᠰᠢᢉᠦᠨ ᠢᠷᠡᠵᠦ ᠪᠦᠷᠢᠳᢈᠡᠯ ᠳ᠋ᠦ ᠬᠠᠮᠤᠷᠤᠭᠤᠯᠤᠨ ᠳᠡᠪᠲᠡᠷ ᠲᠦ ᠪᠢᠴᠢᠯᠲᠡ ᢈᠢᠯᢉᠡᢉᠦᠯᠵᠦ ᠪᠠᠲᠤᠯᠠᠭᠠᠵᠢᠭᠤᠯᠤᠨᠠ᠃ ᠨᠡᠶᠢᠰᠯᠡᠯ ᠦ᠋ᠨ ᠴᠡᠷᠢᢉ ᠦ᠋ᠨ ᠱᠲ᠋ᠠᠪ ᠤ᠋ᠨ ᠮᠡᠳᠡᢉᠡᠯᠡᢉᠰᠡᠨ ᠢ᠋ᠶᠡᠷ ᠵᠠᠷᠯᠠᠭᠰᠠᠨ ᠬᠤᠭᠤᠴᠠᠭᠠᠨ ᠳ᠋ᠤ ᠴᠡᠷᠢᢉ ᠦ᠋ᠨ ᠪᠦᠷᠢᠳᢈᠡᠯ ᠳ᠋ᠦ ᠬᠠᠮᠤᠷᠤᠭᠳᠠᠭᠠ ᠦᢉᠡᠢ ᠑᠐᠐ ᠮᠢᠩᠭᠠᠨ ᠲᠥᢉᠦᠷᠢᢉ ᠢ᠋ᠶᠡᠷ ᠲᠣᠷᠭᠠᠬᠤ ᠵᠣᢈᠢᠴᠠᠭᠤᠯᠤᠯᠲᠠ ᠲᠠᠢ ᠶᠤᠮ᠃ ᠴᠡᠷᠢᢉ ᠦ᠋ᠨ ᠪᠦᠷᠢᠳᢈᠡᠯ ᠳ᠋ᠦ ᠪᠡᠨ ᠢᠳᠡᠪᢈᠢᠲᠡᠢ ᠬᠠᠮᠤᠷᠤᠭᠳᠠᠭᠠᠷᠠᠢ᠃