“ᠲᠥᠷᠦ ᠶ᠋ᠢᠨ ᠠᠦᠳᠢᠲ ᠤ᠋ᠨ ᠪᠠᠶᠢᠭᠤᠯᠤᠯᠭ᠎ᠠ ᠶ᠋ᠢᠨ ᠠᠦᠳᠢᠲ ᠤ᠋ᠨ ᠰᠡᠳᠦᠪᠲᠦ ᠰᠠᠨᠠᠯ ᠥᢉᢈᠦ” ᠦᠶᠢᠯᠡᠴᠢᠯᠡᢉᠡ ᠶ᠋ᠢ ᠴᠠᢈᠢᠮ ᠢ᠋ᠶᠠᠷ ᠠᠪᠳᠠᠭ ᠪᠣᠯᠤᠯᠤᠭ᠎ᠠ


“ᠢ-ᠮᠣᠩᠭᠤᠯ ᠠᠻᠠᠳ᠋ᠧᠮᠢ” ᠤᠲᠤᠭ ᠨᠢ ᠦᠨᠳᠦᠰᠦᠨ ᠦ᠋ ᠠᠦ᠋ᠳᠢᠲ ᠤ᠋ᠨ ᠭᠠᠵᠠᠷ ᠲᠠᠢ ᠬᠠᠮᠲᠤᠷᠠᠨ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭ᠎ᠠ ᠶ᠋ᠢᠨ ᠠᠦ᠋ᠳᠢᠲ ᠤ᠋ᠨ ᠰᠡᠳᠦᠪᠲᠦ ᠰᠠᠨᠠᠯ ᠥᢉᢈᠦ ᠦᠶᠢᠯᠡᠴᠢᠯᠡᢉᠡ ᠶ᠋ᠢ ᠴᠠᢈᠢᠮᠵᠢᠭᠤᠯᠵᠤ ᠢ-ᠮᠣᠩᠭᠣᠯᠢᠶ᠎ᠠ ᠰᠢᠰᠲ᠋ᠧᠮ ᠦ᠋ᠨ ᠬᠠᠮᠲᠤᠷᠠᠵᠤ ᠪᠤᠢ ᠘᠘ ᠳ᠋ᠠᢈᠢ ᠪᠠᠶᠢᠭᠤᠯᠤᠯᠭ᠎ᠠ ᠪᠣᠯᠵᠤ ᠪᠠᠶᠢᠨ᠎ᠠ᠃ ᠲᠤᠰ ᠦᠢᠯᠡᠴᠢᠯᠡᢉᠡ ᠶ᠋ᠢ ᠴᠠᢈᠢᠮᠵᠢᠭᠤᠯᠤᠭᠰᠠᠨ ᠢ᠋ᠶᠠᠷ ᠮᠣᠩᠭᠣᠯ ᠤᠯᠤᠰ ᠤ᠋ᠨ ᠢᠷᢉᠡᠨ ᠪᠦᠷᠢ ᠴᠠᠭ ᠬᠤᠭᠤᠴᠠᠭ᠎ᠠ ᠣᠷᠤᠨ ᠵᠠᠢ ᠶ᠋ᠢ ᠦᠯᠦ ᠬᠠᠮᠢᠶᠠᠷᠤᠨ ᠬᠠᠮᠢᠭ᠎ᠠ ᠠ᠋ᠴᠠ ᠴᠤ ᠥᠪᠡᠷ ᠦ᠋ᠨ ᠰᠠᠨᠠᠯ ᠢ᠋ᠶᠠᠨ ᠥᢉᢈᠦ ᠪᠣᠯᠤᠮᠵᠢ ᠪᠦᠷᠢᠳᢈᠦ ᠡᠴᠡ ᠭᠠᠳᠠᠨ᠎ᠠ ᠢᠷᢉᠡᠨ ᠲᠠ ᠥᠪᠡᠷ ᠦ᠋ᠨ ᠰᠠᠨᠠᠯ ᠢ᠋ᠶᠠᠨ ᠥᢉᢉᠦᢉᠰᠡᠨ ᠢ᠋ᠶᠡᠷ ᠢᠷᢉᠡᠳ ᠦ᠋ᠨ ᠠᠮᠢᠳᠤᠷᠠᠯ ᠢ᠋ ᠰᠠᠶᠢᠵᠢᠷᠠᠭᠤᠯᠬᠤ᠂ ᠨᠥᠯᠦᢉᠡᠯᠡᠵᠦ ᠪᠤᠢ ᢈᠦᠴᠦᠨ ᠵᠦᠢᠯ᠂ ᠴᠢᠨᠠᠷ᠂ ᠦᠷ᠎ᠡ ᠨᠥᠯᠦᢉᠡ ᠶ᠋ᠢ ᠳᠡᢉᠡᢉᠰᠢᠯᠡᢉᠦᠯᢈᠦ ᠳ᠋ᠦ ᠶᠡᢈᠡᢈᠡᠨ ᠬᠤᠪᠢ ᠨᠡᠮᠡᠷᠢ ᠣᠷᠤᠭᠤᠯᠵᠤ ᠪᠠᠶᠢᠭ᠎ᠠ ᠶᠤᠮ ᠲᠥᠷᠦ ᠶ᠋ᠢᠨ ᠠᠦ᠋ᠳᠢᠲ ᠤ᠋ᠨ ᠰᠡᠳᠦᠪ ᠨᠢ ᠲᠥᠷᠦ ᠶ᠋ᠢᠨ ᠦᠢᠯᠡᠴᠢᠯᠡᢉᠡ᠂ ᠦᠶᠢᠯᠡ ᠶᠠᠪᠤᠴᠠ᠂ ᠬᠠᠤᠯᠢ ᠶ᠋ᠢᠨ ᢈᠡᠷᠡᢉᠵᠢᠯᠲᠡ ᠵᠡᠷᢉᠡ ᠲᠥᠷᠦ ᠶ᠋ᠢᠨ ᠠᠩᠬᠠᠷᠤᠯ ᠢ᠋ᠶᠠᠨ ᠬᠠᠨᠳᠤᠭᠤᠯᠳᠠᠭ ᠲᠣᠳᠤᠷᠬᠠᠢ ᠰᠠᠯᠪᠤᠷᠢ ᠡᠰᠡᠪᠡᠯ ᠠᠰᠠᠭᠤᠳᠠᠯ ᠶᠠᠭᠤᠮ᠎ᠠ᠃ ᠲᠥᠷᠦ ᠶ᠋ᠢᠨ ᠠᠦᠳᠢᠲ “ᠶᠠᠭᠤᠨ ᠤ᠋ ᠲᠤᠬᠠᠢ”᠂ᠹ᠂ “ᠶᠠᠮᠠᠷ ᠠᠰᠠᠭᠤᠯᠲᠠ ᠳ᠋ᠤ ᠬᠠᠷᠢᠭᠤᠯᠠᠬᠤ” ᠵᠣᠷᠢᠯᠭ᠎ᠠ ᠲᠠᠢ ᢈᠢᢉᠳᠡᢈᠦ ᠡᠴᠡ ᠰᠢᠯᠲᠠᠭᠠᠯᠠᠵᠤ ᠲᠣᠳᠤᠷᠬᠠᠶᠢᠯᠠᠭᠳᠠᠨ᠎ᠠ᠃ ᠡᠩ ᠦ᠋ᠨ ᠢ᠋ᠶᠡᠷ ᢈᠡᠯᠡᠪᠡᠯ᠂ ᠲᠥᠷᠦ ᠶ᠋ᠢᠨ ᠠᠦ᠋ᠳᠢᠲ ᠤ᠋ᠨ ᠰᠡᠳᠦᠪ ᠨᠢ ᠠᠦ᠋ᠳᠢᠲ ᠤ᠋ᠨ ᠲᠤᠬᠠᠢ ᠬᠠᠤᠯᠢ ᠶ᠋ᠢᠨ ᠗᠂᠑ ᠳ᠋᠋ᠦ᠋ᢉᠡᠷ ᠵᠦᠢᠯ ᠳ᠋ᠦ ᠰᠠᠩᢈᠦᠦ ᠶ᠋ᠢᠨ ᠲᠠᠶᠢᠯᠤᠨ ᠤ᠋ ᠠᠦ᠋ᠳᠢᠲ᠂ ᢉᠦᠢᠴᠡᠳᢈᠡᠯ ᠤ᠋ᠨ ᠠᠦ᠋ᠳᠢᠲ᠂ ᠨᠡᠶᠢᠴᠡᠯ ᠦ᠋ᠨ ᠠᠦ᠋ᠳᠢᠲ ᠢ᠋ ᠲᠥᠷᠦ ᠶ᠋ᠢᠨ ᠠᠦ᠋ᠳᠢᠲ ᠤ᠋ᠨ ᠪᠠᠶᠢᠭᠤᠯᠤᠯᠭ᠎ᠠ ᠨᠢ ᠠᠦ᠋ᠳᠢᠲ ᠢ᠋ ᠨᠢᢉᠡᠳᠦᢉᠰᠡᠨ᠂ ᠬᠠᠮᠲᠤᠷᠠᠭᠰᠠᠨ᠂ ᠵᠡᠷᢉᠡᠴᠡᢉᠡ᠂ ᠪᠠᠲᠤᠯᠠᠭᠠᠵᠢᠭᠤᠯᠬᠤ᠂ ᠮᠡᠳᠡᢉᠡᠯᠡᠯ ᠦ᠋ᠨ ᠲᠧᠻᠨᠣᠯᠣᢉᠢ ᠶ᠋ᠢᠨ ᠪᠣᠯᠤᠨ ᠪᠤᠰᠤᠳ ᢈᠡᠯᠪᠡᠷᠢ ᠪᠡᠷ ᢈᠢᢈᠦ ᢉᠡᠵᠦ ᠵᠢᠭᠠᠭᠰᠠᠨ ᠪᠠᠶᠢᠳᠠᠭ᠃ ᠰᠠᠩᢈᠦᠦ ᠶ᠋ᠢᠨ ᠲᠠᠶᠢᠯᠤᠨ ᠤ᠋ ᠠᠦ᠋ᠳᠢᠲ᠂ ᢉᠦᠢᠴᠡᠳᢈᠡᠯ ᠦ᠋ᠨ ᠠᠦ᠋ᠳᠢᠲ᠂ ᠨᠡᠶᠢᠴᠡᠯ ᠦ᠋ᠨ ᠠᠦ᠋ᠳᠢᠲ ᠤ᠋ᠨ ᠲᠥᠯᠦᠪᠯᠡᠯᠲᠡ ᠶ᠋ᠢᠨ ᠦᠶ᠎ᠡ ᠳ᠋ᠦ ᠮᠣᠩᠭᠣᠯ ᠤᠯᠤᠰ ᠤ᠋ᠨ ᠶᠡᠷᠦᠩᢈᠡᠢ ᠠᠦᠳᠢᠲ᠋ᠤᠷ ᠠᠦᠳᠢᠲ ᠤ᠋ᠨ ᠰᠡᠳᠦᠪ ᠢ᠋ ᠤᠶᠢᠬᠤ- ᠤ᠋ᠨ ᠲᠥᠰᠦᠪ ᠦ᠋ᠨ ᠪᠠᠶᠢᠩᠭᠤ ᠶ᠋ᠢᠨ ᠬᠣᠷᠢᠶᠠᠨ ᠳ᠋ᠤ ᠲᠠᠨᠢᠯᠴᠠᠭᠤᠯᠵᠤ᠂ ᠰᠢᠢᠳᠪᠦᠷᠢᠯᠡᢉᠦᠯᠳᠡᢉ ᠪᠥᢉᠡᠳ ᠬᠠᠤᠯᠢ ᠳ᠋ᠤ ᠵᠢᠭᠠᠭᠰᠠᠨ ᠤ᠋ ᠳᠠᠭᠠᠭᠤ ᢉᠦᠢᠴᠡᠳᢈᠡᠳᠡᢉ ᠠᠦ᠋ᠳᠢᠲ ᠠ᠋ᠴᠠ ᠪᠤᠰᠤᠳ ᠠᠦ᠋ᠳᠢᠲ ᠤ᠋ᠨ ᠰᠡᠳᠦᠪ ᠢ᠋ ᠪᠠᠲᠤᠯᠠᠬᠤ ᠳ᠋ᠤ ᠪᠠᠨ ᠳᠠᠷᠠᠭᠠᢈᠢ ᢈᠦᠴᠦᠨ ᠵᠦᠢᠯ ᠢ᠋ ᠦᠨᠳᠦᠰᠦᠯᠡᠳᠡᢉ᠃

ᠡᢉᠦᠨ ᠳ᠋ᠦ:

–           ᠲᠤᠬᠠᠢ ᠶ᠋ᠢᠨ ᠰᠡᠳᠦᠪ ᠢ᠋ᠶᠡᠷ ᠤᠷᠢᠳᠴᠢᠯᠠᠭᠰᠠᠨ ᠰᠤᠳᠤᠯᠭ᠎ᠠ᠂ ᠲᠣᠭᠠᠴᠠᠭᠠᠯᠠᠯ ᢈᠢᢉᠳᠡᢉᠰᠡᠨ ᠪᠠᠶᠢᠬᠤ;

–           ᠲᠥᠰᠦᠪ᠂ ᠰᠠᠩᢈᠦᠦ᠂ ᠬᠤᠭᠤᠴᠠᠭ᠎ᠠ ᠪᠣᠯᠤᠨ ᢈᠦᠮᠦᠨ ᠦ᠋ ᠨᠥᢉᠡᠴᠡ ᠶ᠋ᠢᠨ ᠴᠢᠳᠠᠪᢈᠢ ᠲᠠᠢ ᠪᠠᠶᠢᠬᠤ;

–           ᠢᠷᢉᠡᠳ᠂ ᠣᠯᠠᠨ ᠨᠡᠶᠢᠲᠡ ᠶ᠋ᠢᠨ ᠠᠩᠬᠠᠷᠤᠯ ᠳ᠋ᠤ ᠪᠠᠶᠢᠭ᠎ᠠ ᠦᠨᠡᠨ ᠵᠥᠪ ᠬᠠᠷᠢᠭᠤ ᢈᠦᠰᠡᢉᠰᠡᠨ ᠨᠡᠶᠢᠲᠡ ᠶ᠋ᠢᠨ ᠠᠰᠢᠭ ᠰᠣᠨᠢᠷᠬᠠᠯ ᠢ᠋ ᢈᠥᠨᠳᠡᢉᠰᠡᠨ ᠠᠰᠠᠭᠤᠳᠠᠯ ᠪᠠᠶᠢᠬᠤ;

–           ᠲᠥᠷᠦ ᠶ᠋ᠢᠨ ᠠᠦᠳᠢᠲ ᠤ᠋ᠨ ᠪᠠᠶᠢᠭᠤᠯᠤᠯᠭ᠎ᠠ ᠶ᠋ᠢᠨ ᠠᠦᠳᠢᠲ ᠤ᠋ᠨ ᠰᠡᠳᠦᠪᠲᠦ ᠰᠠᠨᠠᠯ ᠠᠪᠬᠤ ᠬᠤᠭᠤᠴᠠᠭᠠᠨ ᠳ᠋ᠤ ᠢᠷᢉᠡᠳ᠂ ᠣᠯᠠᠨ ᠨᠡᠶᠢᠲᠡ ᠡᠴᠡ ᠢᠷᠡᢉᠦᠯᠦᢉᠰᠡᠨ ᠰᠠᠨᠠᠯ;

ᠠᠦ᠋ᠳᠢᠲ ᠤ᠋ᠨ ᠰᠡᠳᠦᠪᠲᠦ ᠰᠠᠨᠠᠯ ᠥᢉᢈᠦ ᠶ᠋ᠢᠨ ᠲᠤᠯᠠᠳᠠ ᠢᠷᢉᠡᠨ ᠲᠠ ᠥᠪᠡᠷ ᠦ᠋ᠨ ᠪᠦᠷᠢᠳᢈᠡᠯ ᠲᠡᠢ ᠬᠠᠶᠢᠭ ᠢ᠋ᠶᠠᠷ E-Mongolia ᠰᠢᠰᠲ᠋ᠧᠮ ᠳ᠋ᠦ ᠨᠡᠪᠲᠡᠷᠡᠨ ᠣᠷᠤᠵᠤ ᠦᠶᠢᠯᠡᠴᠢᠯᠡᢉᠡ ᠨᠦ᠋ᢉᠦᠳ ᢈᠡᠰᠡᢉ ᠲᠦ “ᠲᠥᠷᠦ ᠶ᠋ᠢᠨ ᠠᠦᠳᠢᠲ ᠤ᠋ᠨ ᠪᠠᠶᠢᠭᠤᠯᠤᠯᠭ᠎ᠠ ᠶ᠋ᠢᠨ ᠠᠦᠳᠢᠲ ᠤ᠋ᠨ ᠰᠡᠳᠦᠪᠲᠦ ᠰᠠᠨᠠᠯ ᠥᢉᢈᠦ” ᠦᠢᠯᠡᠴᠢᠯᠡᢉᠡ ᠶ᠋ᠢ ᠰᠣᠩᠭᠤᠨ ᠰᠡᠳᠦᠪ ᠦ᠋ᠨ ᠬᠠᠮᠤᠷᠬᠤ ᢈᠦᠷᠢᠶ᠎ᠡ ᠪᠣᠯᠤᠨ ᠪᠤᠰᠤᠳ ᠲᠠᠯᠠᠪᠤᠷᠢ ᠶ᠋ᠢ ᠪᠥᢉᠯᠡᠨ ᠰᠠᠨᠠᠯ ᠢ᠋ᠶᠠᠨ ᠥᢉᢈᠦ ᠪᠣᠯᠤᠮᠵᠢ ᠲᠠᠢ᠃ ᠲᠥᠷᠦ ᠶ᠋ᠢᠨ ᠦᠢᠯᠡᠴᠢᠯᠡᢉᠡᠨ ᠦ᠋ ᠬᠠᠷᠢᠭᠤᠴᠠᠯᠭᠠᠲᠠᠢ ᠪᠠᠶᠢᠳᠠᠯ ᠨᠢ ᠢᠷᢉᠡᠳ ᠲᠤ᠂ ᠨᠡᠶᠢᢉᠡᠮ ᠳ᠋ᠦ ᠡᠶᠡᠷᢉᠦ ᠨᠥᠯᠦᢉᠡ ᠦᠵᠡᢉᠦᠯᠦᠨ᠎ᠡ᠃

ᠨᠡᠶᠢᠲᠡᠯᠡᠭᠰᠡᠨ᠄