“ᠢ-ᠮᠣᠩᠭᠤᠯ ᠠᠻᠠᠳ᠋ᠧᠮᠢ” ᠤᠲᠤᠭ- ᠤ᠋ᠨ ᢈᠥᢉᠵᠢᢉᠦᠯᠵᠦ ᠪᠤᠢ E-Mongolia ᠰᠢᠰᠲ᠋ᠧᠮ ᠳ᠋ᠦ ᠣᠳᠤ ᠶ᠋ᠢᠨ ᠪᠠᠶᠢᠳᠠᠯ ᠢ᠋ᠶᠠᠷ ᠘᠘ ᠪᠠᠶᠢᠭᠤᠯᠤᠯᠭᠠ ᠶ᠋ᠢᠨ ᠑᠒᠖᠔ ᠦᠢᠯᠡᠴᠢᠯᠡᢉᠡ ᠣᠷᠤᠭᠰᠠᠨ᠃ ᠡᢉᠦᠨ ᠡᠴᠡ ᠵᠠᠷᠢᠮ ᠦᠢᠯᠡᠴᠢᠯᠡᢉᠡ ᠶ᠋ᠢ ᠢᠷᢉᠡᠳ ᠦ᠋ᠨ ᠬᠤᠪᠢ ᠳ᠋ᠤ ᠣᠭᠲᠤ ᠮᠡᠳᠡᢈᠦ ᠦᢉᠡᠢ᠂ ᠠᠪᠳᠠᠭ ᠦᢉᠡᠢ ᠦᠢᠯᠡᠴᠢᠯᠡᢉᠡ ᠨᠦ᠋ᢉᠦᠳ ᠰᠤᠳᠤᠯᠭᠠᠨ ᠤ᠋ ᠦᠨᠳᠦᠰᠦᠨ ᠳᠡᢉᠡᠷᠡ ᠭᠠᠷᠤᠭᠰᠠᠨ ᠤᠴᠢᠷ ᠠ᠋ᠴᠠ ᠴᠠᠭᠠᠰᠢᠳᠠ ᠡᠨᠡ ᠲᠠᠯᠠ ᠳᠡᢉᠡᠷᠡ ᠲᠦᠯᢈᠢᢉᠦᠦ ᠠᠩᠬᠠᠷᠴᠤ ᠲᠤᠬᠠᠢ ᠶ᠋ᠢᠨ ᠦᠢᠯᠡᠴᠢᠯᠡᢉᠡ ᠶ᠋ᠢ ᠦᠵᠡᢉᠦᠯᠳᠡᢉ ᠲᠥᠷᠦ ᠶ᠋ᠢᠨ ᠪᠣᠯᠤᠨ ᠲᠥᠷᠦ ᠶ᠋ᠢᠨ ᠪᠤᠰᠤ ᠪᠠᠶᠢᠭᠤᠯᠤᠯᠭᠠ ᠨᠤᠭᠤᠳ ᠲᠠᠢ ᠬᠠᠮᠲᠤ ᠶ᠋ᠢᠨ ᠠᠵᠢᠯᠯᠠᠭᠠ ᠶ᠋ᠢ ᠪᠡᢈᠢᠵᠢᢉᠦᠯᢈᠦ ᠠᠭᠤᠯᠵᠠᠯᠲᠠ ᠶ᠋ᠢ ᠱᠠᠲᠤ ᠳᠠᠷᠠᠭᠠ ᠲᠠᠢ ᠵᠣᢈᠢᠶᠠᠨ ᠪᠠᠶᠢᠭᠤᠯᠵᠤ ᠡᢈᠢᠯᠡᠯᠡ᠃ ᠪᠠᠶᠢᠭᠠᠯᠢ ᠣᠷᠴᠢᠨ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠶᠠᠮᠤᠨ ᠤ᠋ ᠨᠡᠶᠢᠲᠡ ᠙᠘ ᠦᠶᠢᠯᠡᠴᠢᠯᠡᢉᠡ E-Mongolia ᠰᠢᠰᠲ᠋ᠧᠮ ᠳ᠋ᠦ ᠪᠠᠶᠢᠬᠤ ᢈᠡᠳᠦᠢ ᠴᠤ ᠡᢉᠦᠨ ᠡᠴᠡ ᠔᠐ ᠭᠠᠷᠤᠢ ᠦᠶᠢᠯᠡᠴᠢᠯᠡᢉᠡ ᠠᠰᠢᠭᠯᠠᠭᠳᠠᠬᠤ ᠦᢉᠡᠢ ᠪᠠᠶᠢᠭᠠ ᠶᠤᠮ᠃ ᠡᠨᠡ ᠲᠠᠯᠠᠭᠠᠷ ᠪᠣᠤ ᠠᠶᠠ-ᠨᠢ ᢈᠦᠷᠢᠶᠡᠯᠡᠩ ᠪᠤᠢ ᠣᠷᠴᠢᠨ ᠤ᠋ ᠪᠣᠳᠤᠯᠭᠠ ᠶ᠋ᠢᠨ ᢈᠡᠷᠡᢉᠵᠢᠯᠲᠡ ᠶ᠋ᠢᠨ ᠭᠠᠵᠠᠷ ᠤ᠋ᠨ ᠳᠠᠷᠤᠭᠠ ᠭ᠂ ᠡᠩᢈᠡᠮᠥ᠋ᠩᢈᠡ᠂ “ᠢ-ᠮᠣᠩᠭᠤᠯ ᠠᠻᠠᠳ᠋ᠧᠮᠢ” ᠤᠲᠤᠭ- ᠤ᠋ᠨ ᠵᠠᢈᠢᠷᠤᠯ ᠪᠠ᠂ ᠮᠢᠭᠮᠠᠷᠨᠠᠷᠠᠨ᠂ ᠰᠤᠷᠭᠠᠯᠲᠠ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠳᠠᠷᠤᠭᠠ ᠨ᠂ ᠲᠥᠷᠦᠪᠠᠲᠤ ᠬᠣᠯᠪᠤᠭᠳᠠᠬᠤ ᠠᠯᠪᠠᠨ ᠤ᠋ ᠤᠳᠤᠷᠢᠳᠤᠯᠭᠠ ᠪᠣᠯᠤᠨ ᠠᠯᠪᠠᠨ ᠬᠠᠭᠠᠭᠴᠢᠳ ᠣᠷᠤᠯᠴᠠᠵᠤ᠂ ᠰᠢᠢᠳᠦᠯ ᠣᠯᠬᠤ᠂ ᠴᠠᠭᠠᠰᠢᠳᠠ ᠢᠯᠡᢉᠦᠦ ᠤᠶᠠᠯᠳᠤᠭᠠ ᠬᠣᠯᠪᠤᠭᠠ ᠲᠠᠢ ᠪᠠᠶᠢᠵᠤ ᠦᠷᠡ ᠳ᠋ᠦᠩ ᠲᠡᠢ ᠠᠵᠢᠯᠯᠠᠬᠤ ᠲᠠᠯᠠ ᠪᠠᠷ ᠠᠭᠤᠯᠵᠠᠯᠲᠠ ᠶ᠋ᠢ ᠥᠨᠦᠳᠦᠷ /᠒᠐᠒᠕᠂᠐᠑᠂᠒᠑/ ᠵᠣᢈᠢᠶᠠᠨ ᠪᠠᠶᠢᠭᠤᠯᠤᠯᠠ᠃ ᠠᠭᠤᠯᠵᠠᠯᠲᠠ ᠶ᠋ᠢᠨ ᠦᠶᠡ ᠪᠡᠷ ᠪᠣᠤ ᠠᠶᠠ-ᠨ ᠤ᠋ ᠵᠦᢉ ᠡᠴᠡ ᠰᠢᠰᠲ᠋ᠧᠮ ᠳ᠋ᠦ ᠨᠡᠪᠲᠡᠷᠡᢉᠰᠡᠨ ᠦᠢᠯᠡᠴᠢᠯᠡᢉᠡᠨ ᠦ᠋ ᠠᠴᠢᠶᠠᠯᠠᠯ᠂ ᠰᠠᠭᠠᠳ ᠪᠡᠷᢈᠡᠰᠢᠶᠡᠯ ᠪᠣᠯᠤᠭᠠᠳ ᠰᠢᠰᠲ᠋ᠧᠮ ᠦ᠋ᠨ ᠰᠠᠶᠢᠵᠢᠷᠠᠭᠤᠯᠤᠯᠲᠠ ᠲᠠᠢ ᠬᠣᠯᠪᠤᠭᠠ ᠲᠠᠢ ᠰᠠᠨᠠᠯ ᠳ᠋ᠦᠩᠨᠡᠯᠲᠡ ᠪᠡᠨ ᠥᢉᠴᠦ ᠴᠠᠭᠠᠰᠢᠳᠠ ᠢᠷᢉᠡᠳ ᠲᠦ ᢈᠡᠷᠡᢉᠴᠡᢉᠡ ᠱᠠᠭᠠᠷᠳᠠᠯᠭᠠᠲᠠᠢ ᠪᠦᢈᠦᠢ ᠯᠠ ᠦᠢᠯᠡᠴᠢᠯᠡᢉᠡ ᠶ᠋ᠢ ᠰᠤᠳᠤᠯᠤᠨ ᢈᠦᠷᠲᠡᢉᠡᠮᠵᠢᠲᠡᠢ ᠪᠣᠯᠭᠠᠬᠤ ᠲᠠᠯᠠᠭᠠᠷ ᠶᠠᠷᠢᠯᠴᠠᠯᠠ᠃ ᠴᠠᠭᠠᠰᠢᠳᠠ ᠪᠠᠨ ᠬᠠᠮᠲᠤ ᠶ᠋ᠢᠨ ᠠᠵᠢᠯᠯᠠᠭᠠ ᠶ᠋ᠢ ᠪᠡᢈᠢᠵᠢᢉᠦᠯᢈᠦ ᠠᠭᠤᠯᠵᠠᠯᠲᠠ ᠶ᠋ᠢ ᠰᠢᠲᠠ ᠳᠠᠷᠠᠭᠠᠲᠠᠢ ᠪᠠᠷ ᢈᠢᠵᠦ ᠢᠷᢉᠡᠳ ᠲᠦ ᠢᠯᠡᢉᠦᠦ ᢈᠦᠷᠲᠡᢉᠡᠮᠵᠢᠲᠡᠢ᠂ ᢈᠢᠯᠪᠠᠷ ᠪᠠᠶᠢᠳᠠᠯ ᠢ᠋ ᠨᠡᠮᠡᢉᠳᠡᢉᠦᠯᢈᠦ ᠪᠣᠯᠤᠨᠠ ᢉᠡᠳᠡᢉ ᠢ᠋“ᠢ-ᠮᠣᠩᠭᠤᠯ ᠠᠻᠠᠳ᠋ᠧᠮᠢ” ᠤᠲᠤᠭ- ᠤ᠋ᠨ ᠵᠠᢈᠢᠷᠤᠯ ᠪᠠ᠂ ᠮᠢᠭᠮᠠᠷᠨᠠᠷᠠᠨ ᠣᠨᠴᠠᠯᠠᠯᠠ᠃
E-MONGOLIA ᠰᠢᠰᠲ᠋ᠧᠮ ᠳ᠋ᠦ ᠴᠠᢈᠢᠮᠵᠢᠵᠤ ᠪᠤᠢ ᠦᠶᠢᠯᠡᠴᠢᠯᠡᢉᠡᠨ ᠦ᠋ ᠲᠣᠭᠠ ᠪᠢᠰᠢ ᠴᠢᠨᠠᠷ ᠲᠤ ᠠᠩᠬᠠᠷᠴᠤ ᠠᠵᠢᠯᠯᠠᠨᠠ

ᠨᠡᠶᠢᠲᠡᠯᠡᠭᠰᠡᠨ᠄