᠒᠑ ᠳ᠋ᠦᢉᠡᠷ ᠵᠠᠭᠤᠨ ᠤ᠋ ᠡᠨᠡ ᠡᠷᠢᠨ ᠦᠶᠡ ᠳ᠋ᠦ ᠴᠠᢈᠢᠮ ᠶᠢᠷᠲᠢᠨᠴᠦ ᢈᠥᢉᠵᠢᠵᠦ ᢈᠡᠳᠦᢈᠡᠨ ᠵᠢᠯ ᠦ᠋ᠨ ᠡᠮᠦᠨᠡ ᠪᠢᠳᠡ ᠪᠦᢈᠦᠢ ᠯᠠ ᠲᠥᠷᠦ ᠶ᠋ᠢᠨ ᠦᠢᠯᠡᠴᠢᠯᠡᢉᠡ ᠶ᠋ᠢ ᠴᠠᠭ ᠵᠠᠪ ᠢ᠋ᠶᠠᠨ ᠵᠠᠷᠤᠴᠠᠭᠤᠯᠤᠨ ᠥᠪᠡᠷ ᠦ᠋ᠨ ᠪᠡᠶᠡ ᠪᠡᠷ ᠣᠴᠢᠵᠤ ᠠᠪᠳᠠᠭ ᠪᠠᠶᠢᠭᠰᠠᠨ ᠪᠣᠯ ᠣᠳᠤ ᠤᠬᠠᠭᠠᠯᠢᠭ ᠤᠲᠠᠰᠤ᠂ E-Mongolia ᠠᠫᠫᠯᠢᠻᠧᠶᠢᠱᠢᠨ᠋ ᠪᠠᠶᠢᠬᠤ ᠳ᠋ᠤ ᠯᠠ ᠠᠰᠠᠭᠤᠳᠠᠯ ᠢ᠋ᠶᠠᠨ ᢈᠢᠯᠪᠠᠷᠬᠠᠨ ᠰᠢᠢᠳᠳᠡᢉ ᠪᠣᠯᠤᠭᠰᠠᠨ᠃ ᠲᠥᠷᠦ ᠶ᠋ᠢᠨ ᠦᠢᠯᠡᠴᠢᠯᠡᢉᠡ ᠴᠠᢈᠢᠮᠵᠢᠭᠰᠠᠨ ᠨᠢ ᠮᠠᠰᠢ ᠣᠯᠠᠨ ᠲᠠᠯᠠ ᠶ᠋ᠢᠨ ᢈᠡᠮᠨᠡᠯᠲᠡ ᠶ᠋ᠢ ᠪᠤᠢ ᠪᠣᠯᠭᠠᠵᠤ ᠪᠠᠶᠢᠭᠠ ᠴᠤ ᠢᠷᢉᠡᠳ ᠦ᠋ᠨ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠰᠤᠷᠭᠠᠯᠲᠠ᠂ ᠦᠶᠢᠯᠡ ᠠᠵᠢᠯᠯᠠᠭᠠ ᠨᠢ ᠶᠠᠭᠠᢈᠢᠬᠤ ᠠᠷᠭᠠ ᠦᢉᠡᠢ ᠬᠠᠮᠤᠭ ᠤ᠋ᠨ ᠴᠢᠬᠤᠯᠠ ᠨᠢᢉᠡᠨ ᢈᠡᠰᠡᢉ ᠪᠣᠯᠵᠤ ᠪᠠᠶᠢᠨᠠ᠃ ᠲᠡᠶᠢᠮᠦ ᠡᠴᠡ “ᠢ-ᠮᠣᠩᠭᠤᠯ ᠠᠻᠠᠳ᠋ᠧᠮᠢ” ᠤᠲᠤᠭ- ᠠ᠋ᠴᠠ ᠢᠷᢉᠡᠳ ᠦ᠋ᠨ ᠴᠠᢈᠢᠮ ᠤᠷᠠ ᠴᠢᠳᠠᠪᠤᠷᠢ ᠶ᠋ᠢ ᢈᠡᠷᢈᠢᠨ ᠳᠡᢉᠡᢉᠰᠢᠯᠡᢉᠦᠯᠵᠦ ᠪᠤᠢ ᠡᠨᠡ ᠲᠠᠯᠠ ᠶ᠋ᠢᠨ ᠡᠷᠳᠡᠮ ᠰᠢᠨᠵᠢᠯᠡᢉᠡ᠂ ᠰᠤᠳᠤᠯᠭᠠ᠂ ᠰᠢᠨᠵᠢᠯᠡᢉᠡᠨ ᠦ᠋ ᠴᠢᢉᠯᠡᠯ ᠢ᠋ᠶᠡᠷ ᢈᠡᠷᢈᠢᠨ ᠠᠵᠢᠯᠯᠠᠵᠤ ᠪᠠᠶᠢᠭᠠ ᠲᠠᠯᠠᠭᠠᠷ “ᠢ-ᠮᠣᠩᠭᠤᠯ ᠠᠻᠠᠳ᠋ᠧᠮᠢ” ᠤᠲᠤᠭ- ᠤ᠋ᠨ ᠰᠤᠷᠭᠠᠯᠲᠠ᠂ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠳᠠᠷᠤᠭᠠ ᠨᠠ᠂ ᠲᠥᠷᠦᠪᠠᠲᠤ ᠲᠠᠢ ᠶᠠᠷᠢᠯᠴᠠᠯᠠ᠃
• ᠢᠷᢉᠡᠳ ᠦ᠋ᠨ ᠴᠠᢈᠢᠮ ᠤᠷᠠ ᠴᠢᠳᠠᠪᠤᠷᠢ ᢉᠡᠵᠦ ᠶᠠᠷᠢᠭᠠᠳ ᠪᠠᠶᠢᠭᠠ ᠲᠡᢉᠡᢈᠦ ᠪᠡᠷ ᠡᠨᠡ ᠤᠷᠠ ᠴᠢᠳᠠᠪᠤᠷᠢ ᠶ᠋ᠢ ᠶᠠᠭᠠᢈᠢᠭᠠᠳ ᠳᠡᢉᠡᢉᠰᠢᠯᠡᢉᠦᠯᢈᠦ ᠶᠣᠰᠤᠲᠠᠢ ᠶᠤᠮ ᠪᠤᠢ? ᠴᠠᢈᠢᠮ ᠤᠷᠠ ᠴᠢᠳᠠᠪᠤᠷᠢ ᢉᠡᠵᠦ ᠶᠠᠭ ᠶᠠᠭᠤ ᠶ᠋ᠢ ᢈᠡᠯᠡᢉᠡᠳ ᠪᠠᠶᠢᠨᠠ᠃ ᠡᠨᠡ ᠠᠰᠠᠭᠤᠯᠲᠠ ᠪᠠᠷ ᠥᠨᠦᠳᠦᠷ ᠦ᠋ᠨ ᠶᠠᠷᠢᠶᠠ ᠪᠠᠨ ᠡᢈᠢᠯᠡᢉᠦᠯᠦᠶᠡ᠃
ᠮᠣᠩᠭᠤᠯ ᠤᠯᠤᠰ ᠒᠐᠒᠐ ᠣᠨ ᠳ᠋ᠤ “ᠴᠠᢈᠢᠮ ᠦᠨᠳᠦᠰᠦᠲᠡᠨ ᠪᠣᠯᠤᠨᠠ” ᢉᠡᠰᠡᠨ ᠵᠣᠷᠢᠯᠭᠠ ᠳᠡᠪᠰᠢᢉᠦᠯᠦᠨ ᠵᠣᠷᠢᠨ ᠠᠵᠢᠯᠯᠠᠵᠤ ᠪᠠᠶᠢᠨᠠ᠃ ᠲᠡᠶᠢᠮᠦ ᠡᠴᠡ ᠪᠢᠳᠡ ᠨᠡᠶᠢᠲᠡ ᠪᠡᠷ ᠢ᠋ᠶᠡᠨ ᠴᠠᢈᠢᠮ ᠢ᠋ᠶᠠᠷ ᠮᠡᠳᠡᢉᠡᠯᠡᠯ ᠢ᠋ ᠣᠶᠢᠯᠠᠭᠠᠬᠤ᠂ ᠴᠠᢈᠢᠮ ᠤᠷᠠ ᠴᠢᠳᠠᠪᠤᠷᠢ ᠶ᠋ᠢ ᠡᠵᠡᠮᠰᠢᢉᠦᠯᢈᠦ᠂ ᠢᠷᢉᠡᠳ ᠢ᠋ᠶᠡᠨ ᠪᠡᠯᠡᠳᢈᠡᢈᠦ ᠵᠠᠶᠢᠯᠠᠰᠢ ᠦᢉᠡᠢ ᠱᠠᠭᠠᠷᠳᠠᠯᠭᠠ ᠲᠤᠯᠭᠠᠷᠠᠭᠰᠠᠨ᠃ ᠴᠠᢈᠢᠮ ᠤᠷᠠ ᠴᠢᠳᠠᠪᠤᠷᠢ ᢉᠡᠳ ᠶᠠᠷᠢᠬᠤ ᠪᠠᠷ ᢈᠡᠲᠦ ᠠᠯᠪᠠᠨ ᠤ᠋ ᠰᠣᠨᠤᠰᠤᠭᠳᠠᠵᠤ ᠪᠠᠶᠢᠭᠠ ᠴᠤ ᠡᠩ ᠦ᠋ᠨ ᠦᢉᠡ ᠪᠡᠷ ᢈᠡᠳᠦ ᢈᠡᠳᠦᠨ ᠥᢉᠡᠷᠡ ᠨᠡᠷᠡᠰᠢᠯ ᠪᠤᠢ᠃ ᠠᠩᢉᠯᠢ ᢈᠡᠯᠡᠨ ᠦ᠋ “Digital literacy” ᢉᠡᠳᠡᢉ ᠦᢉᠡ ᠶ᠋ᠢ ᠮᠣᠩᠭᠣᠯᠴᠢᠯᠠᠭᠠᠳ ᠴᠠᢈᠢᠮ ᠤᠷᠠ ᠴᠢᠳᠠᠪᠤᠷᠢ᠂ ᠲᠣᠭᠠᠨ ᠤᠷᠠ ᠴᠢᠳᠠᠪᠤᠷᠢ ᢉᠡᠵᠦ ᠥᢉᠡᠷᠡ ᠥᢉᠡᠷᠡ ᠪᠡᠷ ᠨᠡᠷᠡᠯᠡᢈᠦ ᠪᠣᠯᠤᠭᠰᠠᠨ᠃
“ᠢ-ᠮᠣᠩᠭᠤᠯ ᠠᠻᠠᠳ᠋ᠧᠮᠢ” ᠤᠲᠤᠭ ᠨᠢ ᠪᠠᠶᠢᠭᠤᠯᠤᠭᠳᠠᠭᠠᠳ ᠒ ᠵᠢᠯ ᠭᠠᠷᠤᠢ ᠬᠤᠭᠤᠴᠠᠭᠠ ᠥᠩᢉᠡᠷᠡᠵᠦ ᠪᠠᠶᠢᠨᠠ᠃ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᠦᠨᠡ ᢉᠡᠳᠡᢉ ᠲᠤᠬᠠᠢ ᠶ᠋ᠢᠨ ᠴᠠᢈᠢᠮ ᠮᠡᠳᠡᢉᠡᠯᠡᠯ ᠢ᠋ ᠣᠶᠢᠯᠠᠭᠠᠬᠤ᠂ ᢈᠡᠷᠡᢉᠯᠡᢈᠦ ᠴᠢᠳᠠᠪᠤᠷᠢ ᠲᠠᠢ ᠢᠷᢉᠡᠳ ᠢ᠋ ᠪᠤᠢ ᠪᠣᠯᠭᠠᠬᠤ ᠶ᠋ᠢ ᢈᠡᠯᠡᠵᠦ ᠪᠠᠶᠢᠭᠠ ᠶᠠᠭᠤᠮᠠ᠃ ᠵᠢᠱᠢᠶᠡᠯᠡᠪᠡᠯ: ᠢᠷᢉᠡᠳ ᠦ᠋ᠨ ᠥᠷᢉᠡᠨ ᢈᠡᠷᠡᢉᠯᠡᢉᠡ ᠪᠣᠯᠤᠭᠰᠠᠨ ᠤᠬᠠᠭᠠᠯᠢᠭ ᠤᠲᠠᠰᠤ ᠶ᠋ᠢ ᠠᠰᠢᠭᠯᠠᠨ ᠡᠩ ᠦ᠋ᠨ ᢈᠡᠷᠡᢉᠯᠡᢉᠡᠨ ᠳ᠋ᠦ ᠪᠦᢈᠦ ᠵᠦᠢᠯ ᠢ᠋ ᢈᠢᠯᠪᠠᠷ ᠢ᠋ᠶᠠᠷ ᠰᠢᠢᠳᢈᠦ᠂ ᠣᠷᠤᠨ ᠵᠠᠢ᠂ ᠴᠠᠭ ᠬᠤᠭᠤᠴᠠᠭᠠᠨ ᠠ᠋ᠴᠠ ᠦᠯᠦ ᠬᠠᠮᠢᠶᠠᠷᠴᠤ ᢈᠦᠰᠡᢉᠰᠡᠨ ᠮᠡᠳᠡᢉᠡᠯᠡᠯ ᠢ᠋ ᠠᠪᠴᠤ ᠠᠰᠢᠭᠯᠠᠬᠤ ᠠ᠋ᠴᠠ ᠡᢈᠢᠯᠡᢉᠡᠳ ᠳ᠋ᠢᠵᠢᠲ᠋ᠠᠯ ᠳᠡᢉᠡᠷᠡ ᠰᠠᠭᠤᠷᠢᠯᠠᠭᠰᠠᠨ ᠪᠦᢈᠦ ᠵᠦᠢᠯ ᠢ᠋ ᠣᠶᠢᠯᠠᠭᠠᠬᠤ᠂ ᢈᠡᠷᠡᢉᠯᠡᢈᠦ ᠴᠢᠳᠠᠪᠤᠷᠢ ᠶ᠋ᠢ ᢈᠡᠯᠡᠵᠦ ᠪᠠᠶᠢᠭᠠ ᠶᠤᠮ᠃
• ᠣᠷᠴᠢᠨ ᠦᠶᠡ ᠳ᠋ᠦ ᠶᠡᢈᠡᠩᢈᠢ ᠢᠷᢉᠡᠳ ᠤᠬᠠᠭᠠᠯᠢᠭ ᠤᠲᠠᠰᠤ ᠠᠰᠢᠭᠯᠠᠵᠤ ᠪᠠᠶᠢᠨᠠ᠃ ᠴᠠᢈᠢᠮ ᠤᠷᠠ ᠴᠢᠳᠠᠪᠤᠷᠢ ᠶ᠋ᠢ ᠰᠤᠷᠬᠤ ᠳ᠋ᠤ ᠵᠠᠪᠠᠯ ᠰᠤᠷᠭᠠᠯᠲᠠ ᠠᠪᠬᠤ ᠱᠠᠭᠠᠷᠳᠠᠯᠭᠠᠲᠠᠢ ᠤᠤ? ᠶᠠᠭᠤ ᠨᠢ ᢈᠦᠨᠳᠦᠷᠡᠯ ᠪᠡᠷᢈᠡᠰᠢᠶᠡᠯ ᠲᠡᠢ ᠪᠠᠶᠢᠳᠠᠭ ᠶᠤᠮ ᠪᠤᠢ?
ᠣᠷᠴᠢᠨ ᠦᠶᠡ ᠶ᠋ᠢᠨ ᠨᠡᠶᠢᢉᠡᠮ ᠳ᠋ᠦ ᠤᠬᠠᠭᠠᠯᠢᠭ ᠤᠲᠠᠰᠤ᠂ ᠻᠣᠮᠫᠢᠶᠦ᠋ᠲ᠋ᠧᠷ ᠵᠡᠷᢉᠡ ᠴᠠᢈᠢᠮ ᠲᠥᢈᠦᢉᠡᠷᠦᠮᠵᠢ ᠨᠦ᠋ᢉᠦᠳ ᠢ᠋ ᠠᠰᠢᠭᠯᠠᠬᠤ ᠨᠢ ᠡᠳᠦᠷ ᠲᠤᠲᠤᠮ ᠤ᠋ᠨ ᠠᠮᠢᠳᠤᠷᠠᠯ ᠤ᠋ᠨ ᠰᠠᠯᠤᠰᠢ ᠦᢉᠡᠢ ᢈᠡᠰᠡᢉ ᠪᠣᠯᠵᠤ ᠪᠠᠶᠢᠨᠠ᠃ ᢈᠦᠮᠦᠰ ᠦ᠋ᠨ ᠳᠡᠶᠢᠯᠦᠩᢈᠢ ᠨᠢ ᠴᠠᢈᠢᠮ ᠤᠷᠠ ᠴᠢᠳᠠᠪᠤᠷᠢ ᠶ᠋ᠢ ᠪᠡᠶᠡ ᠳᠠᠭᠠᠭᠠᠨ ᠰᠤᠷᠴᠤ ᠪᠠᠶᠢᠭᠠ ᢈᠡᠳᠦᠢ ᠴᠤ ᠵᠠᠷᠢᠮ ᠲᠣᢈᠢᠶᠠᠯᠳᠤᠯ ᠳ᠋ᠤ ᠠᠯᠪᠠᠨ ᠶᠣᠰᠤᠨ ᠤ᠋ ᠰᠤᠷᠭᠠᠯᠲᠠ ᠶ᠋ᠢᠨ ᢈᠥᠲᠦᠯᠪᠦᠷᠢ ᠱᠠᠭᠠᠷᠳᠠᠯᠭᠠᠲᠠᠢ ᠪᠠᠶᠢᠳᠠᠭ᠃ ᠰᠤᠷᠭᠠᠯᠲᠠ ᠵᠣᢈᠢᠶᠠᠨ ᠪᠠᠶᠢᠭᠤᠯᠬᠤ ᠳ᠋ᠤ ᠢᠷᢉᠡᠳ ᠦ᠋ᠨ ᠢᠳᠡᠪᢈᠢ ᠣᠷᠤᠯᠴᠠᠭᠠ ᠳᠤᠲᠠᠮᠠᠭ᠂ ᠴᠠᠭ ᠵᠠᠪ ᠬᠣᠮᠰᠠ ᠪᠠᠶᠢᠳᠠᠭ ᠠ᠋ᠴᠠ ᠡᢉᠦᠳᠦᠨ ᠮᠡᠳᠡᢉᠡᠯᠡᠯ ᠡᠴᠡ ᠬᠣᠴᠤᠷᠳᠠᠭ ᠡᢉᠦᠨ ᠡᠴᠡ ᠡᢉᠦᠳᠦᢉᠡᠳ ᠴᠠᢈᠢᠮ ᠵᠠᠯᠢᠯᠠᠨ ᠳ᠋ᠤ ᠥᠷᠲᠦᢈᠦ᠂ ᠬᠤᠪᠢ ᠶ᠋ᠢᠨ ᠮᠡᠳᠡᢉᠡᠯᠡᠯ ᠢ᠋ᠶᠡᠨ ᠠᠯᠳᠠᠬᠤ᠂ ᠰᠢᠨᠡ ᠲᠧᠻᠨᠢᢉ ᠲᠧᠻᠨᠣᠯᠣᢉᠢ ᠶ᠋ᠢ ᠠᠰᠢᠭᠯᠠᠵᠤ ᠴᠢᠳᠠᠬᠤ ᠦᢉᠡᠢ ᠬᠣᠴᠤᠷᠤᠭᠳᠠᠯ ᠡᢉᠦᠰᢈᠦ ᠰᠤᠯᠠ ᠲᠠᠯᠠ ᠡᢉᠦᠰᠳᠡᢉ᠃
• ᠪᠠᠶᠢᠭᠤᠯᠤᠯᠭᠠ ᠶ᠋ᠢᠨ ᠵᠦᢉ ᠡᠴᠡ ᠢᠷᢉᠡᠳ ᠦ᠋ᠨ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠰᠤᠷᠭᠠᠯᠲᠠ ᠶ᠋ᠢ ᢈᠡᠵᠢᠶᠡᠨ ᠡᠴᠡ ᠡᢈᠢᠯᠡᢉᠰᠡᠨ ᠪᠤᠢ? ᠣᠳᠤ ᠶ᠋ᠢᠨ ᠪᠠᠶᠢᠳᠠᠯ ᠢ᠋ᠶᠠᠷ ᢈᠡᠷ ᠶᠡᢈᠡ ᢈᠦᠮᠦᠰ ᠲᠦ ᠰᠤᠷᠭᠠᠯᠲᠠ ᠣᠷᠤᠭᠠᠳ ᠪᠠᠶᠢᠨᠠ᠃ ᠦᠷᠡ ᠳ᠋ᠦᠩ ᠦ᠋ᠨ ᠲᠠᠯᠠᠭᠠᠷ᠃
ᠮᠠᠨ ᠤ᠋ ᠪᠠᠶᠢᠭᠤᠯᠤᠯᠭᠠ ᠶ᠋ᠢᠨ ᠬᠤᠪᠢ ᠳ᠋ᠤ ᠪᠦᢈᠦ ᠨᠡᠶᠢᠲᠡ ᠶ᠋ᠢᠨ ᠴᠠᢈᠢᠮ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠰᠤᠷᠭᠠᠯᠲᠠ ᠶ᠋ᠢ ᠒᠐᠒᠒ ᠣᠨ ᠤ᠋ ᠭᠤᠷᠪᠠᠳᠤᠭᠠᠷ ᠰᠠᠷᠠ ᠠ᠋ᠴᠠ ᠡᢈᠢᠯᠡᠨ ᠵᠣᢈᠢᠶᠠᠨ ᠪᠠᠶᠢᠭᠤᠯᠵᠤ ᠣᠳᠤ ᠶ᠋ᠢ ᢈᠦᠷᠲᠡᠯᠡ ᠨᠡᠶᠢᠲᠡ ᠳ᠋ᠦ ᠪᠡᠨ ᠗᠐᠂᠐᠐᠐ ᠭᠠᠷᠤᠢ ᠢᠷᢉᠡᠨ ᠳ᠋ᠦ ᠲᠠᠩᢈᠢᠮ᠂ ᠴᠠᢈᠢᠮ ᠬᠣᠣᠰᠯᠠᠭᠰᠠᠨ ᠪᠠᠶᠢᠳᠠᠯ ᠢ᠋ᠶᠠᠷ ᢈᠦᠷᢉᠡᢉᠰᠡᢉᠡᠷ ᠪᠠᠶᠢᠨᠠ᠃ ᠰᠤᠷᠭᠠᠯᠲᠠ ᠠ᠋ᠴᠠ ᠭᠠᠳᠠᠨᠠ ᠨᠡᠶᠢᠲᠡ ᠘᠑᠖ ᠴᠠᢈᠢᠮ ᠤᠷᠠ ᠴᠢᠳᠠᠪᠤᠷᠢ ᠶ᠋ᠢᠨ ᠰᠤᠷᠭᠠᠭᠴᠢ ᠪᠠᠭᠰᠢ ᠶ᠋ᠢ ᠥᠩᢉᠡᠷᠡᢉᠰᠡᠨ ᠬᠤᠭᠤᠴᠠᠭᠠᠨ ᠳ᠋ᠤ ᠪᠡᠯᠡᠳᢈᠡᢉᠰᠡᠨ᠃ ᠰᠤᠷᠭᠠᠭᠴᠢ ᠪᠠᠭᠰᠢ ᠨᠠᠷ ᠮᠠᠨᠢ ᠳᠡᢉᠦᠷᢉᠡ᠂ ᠬᠣᠷᠢᠶᠠ᠂ ᠠᠶᠢᠮᠠᠭ᠂ ᠰᠤᠮᠤᠳ ᠤ᠋ᠨ ᠢ᠋ᠶᠠᠨ ᠢᠷᢉᠡᠳ ᠲᠠᠩᢈᠢᠮ᠂ ᠴᠠᢈᠢᠮ ᠬᠣᠣᠰᠯᠠᠭᠰᠠᠨ ᠪᠠᠶᠢᠳᠠᠯ ᠢ᠋ᠶᠠᠷ ᢈᠦᠷᢉᠡᢉᠰᠡᢉᠡᠷ ᠪᠠᠶᠢᠨᠠ᠃ ᠰᠤᠷᠭᠠᠯᠲᠠ ᠠ᠋ᠴᠠ ᠭᠠᠳᠠᠨᠠ ᠨᠡᠶᠢᠲᠡ ᠘᠑᠖ ᠴᠠᢈᠢᠮ ᠤᠷᠠ ᠴᠢᠳᠠᠪᠤᠷᠢ ᠶ᠋ᠢᠨ ᠰᠤᠷᠭᠠᠭᠴᠢ ᠪᠠᠭᠰᠢ ᠶ᠋ᠢ ᠥᠩᢉᠡᠷᠡᢉᠰᠡᠨ ᠬᠤᠭᠤᠴᠠᠭᠠᠨ ᠳ᠋ᠤ ᠪᠡᠯᠡᠳᢈᠡᢉᠰᠡᠨ᠃ ᠰᠤᠷᠭᠠᠭᠴᠢ ᠪᠠᠭᠰᠢ ᠨᠠᠷ ᠮᠠᠨᠢ ᠳᠡᢉᠦᠷᢉᠡ᠂ ᠬᠣᠷᠢᠶᠠ᠂ ᠠᠶᠢᠮᠠᠭ᠂ ᠰᠤᠮᠤᠳ ᠤ᠋ᠨ ᠢ᠋ᠶᠠᠨ ᠢᠷᢉᠡᠳ ᠲᠠᠩᢈᠢᠮ᠂ ᠴᠠᢈᠢᠮ ᠬᠣᠣᠰᠯᠠᠭᠰᠠᠨ ᠪᠠᠶᠢᠳᠠᠯ ᠢ᠋ᠶᠠᠷ ᢈᠦᠷᢉᠡᢉᠰᠡᢉᠡᠷ ᠪᠠᠶᠢᠨᠠ᠃ ᠰᠤᠷᠭᠠᠯᠲᠠ ᠠ᠋ᠴᠠ ᠭᠠᠳᠠᠨᠠ ᠨᠡᠶᠢᠲᠡ ᠘᠑᠖ ᠴᠠᢈᠢᠮ ᠤᠷᠠ ᠴᠢᠳᠠᠪᠤᠷᠢ ᠶ᠋ᠢᠨ ᠰᠤᠷᠭᠠᠭᠴᠢ ᠪᠠᠭᠰᠢ ᠶ᠋ᠢ ᠥᠩᢉᠡᠷᠡᢉᠰᠡᠨ ᠬᠤᠭᠤᠴᠠᠭᠠᠨ ᠳ᠋ᠤ ᠪᠡᠯᠡᠳᢈᠡᢉᠰᠡᠨ᠃ ᠰᠤᠷᠭᠠᠭᠴᠢ ᠪᠠᠭᠰᠢ ᠨᠠᠷ ᠮᠠᠨᠢ ᠳᠡᢉᠦᠷᢉᠡ᠂ ᠬᠣᠷᠢᠶᠠ᠂ ᠠᠶᠢᠮᠠᠭ᠂ ᠰᠤᠮᠤᠳ ᠤ᠋ᠨ ᠢ᠋ᠶᠠᠨ ᠢᠷᢉᠡᠳ ᠲᠠᠩᢈᠢᠮ᠂ ᠴᠠᢈᠢᠮ ᠬᠣᠣᠰᠯᠠᠭᠰᠠᠨ ᠪᠠᠶᠢᠳᠠᠯ ᠢ᠋ᠶᠠᠷ ᢈᠦᠷᢉᠡᢉᠰᠡᢉᠡᠷ ᠪᠠᠶᠢᠨᠠ᠃ ᠰᠤᠷᠭᠠᠯᠲᠠ ᠠ᠋ᠴᠠ ᠭᠠᠳ www᠃digital᠃edu᠃mn ᠸᠧᠪ ᠰᠠᠶᠢᠲ ᠢ᠋ ᢈᠥᢉᠵᠢᢉᠦᠯᠵᠦ᠂ ᢈᠡᠷᠡᢉᠯᠡᢉᠡᠨ ᠳ᠋ᠦ ᠨᠡᠪᠲᠡᠷᠡᢉᠦᠯᠦᢉᠡᠳ ᠪᠠᠶᠢᠨᠠ᠃
• ᠴᠠᢈᠢᠮ ᠤᠷᠠ ᠴᠢᠳᠠᠪᠤᠷᠢ ᠶ᠋ᠢᠨ ᠰᠤᠷᠭᠠᠯᠲᠠ ᠶ᠋ᠢ ᠲᠡᢉᠡᢈᠦ ᠪᠡᠷ ᠶᠠᠭ ᠶᠠᠮᠠᠷ ᠰᠤᠳᠤᠯᠭᠠ ᠰᠢᠨᠵᠢᠯᠡᢉᠡ ᠳᠡᢉᠡᠷᠡ ᠦᠨᠳᠦᠰᠦᠯᠡᠵᠦ ᠶᠠᠮᠠᠷ ᠵᠣᠷᠢᠯᠲᠠᠲᠤ ᠪᠦᠯᠦᢉ ᠦ᠋ᠨ ᢈᠦᠮᠦᠰ ᠲᠦ ᠵᠣᠷᠢᠭᠤᠯᠵᠤ ᠶᠠᠪᠤᠭᠤᠯᠳᠠᠭ ᠪᠤᠢ?
᠒᠐᠒᠑ ᠣᠨ ᠳ᠋ᠤ ᠬᠠᠭᠤᠴᠢᠨ ᠢ᠋ᠶᠠᠷ ᠬᠠᠷᠢᠯᠴᠠᠭᠠ ᠬᠣᠯᠪᠤᠭᠠ᠂ ᠮᠡᠳᠡᢉᠡᠯᠡᠯ ᠲᠧᠻᠨᠤᠯᠤᢉᠢ ᠶ᠋ᠢᠨ ᠭᠠᠵᠠᠷ /ᠣᠳᠤ ᠶ᠋ᠢᠨ ᠴᠠᢈᠢᠮ ᢈᠥᢉᠵᠢᠯ᠂ ᠢᠨ᠋ ᠨᠣᠸᠠᠼ᠂ ᠬᠠᠷᠢᠯᠴᠠᠭᠠ ᠬᠣᠯᠪᠤᠭᠠᠨ ᠤ᠋ ᠶᠠᠮᠤ/᠂ ᠦᠨᠳᠦᠰᠦᠨ ᠦ᠋ ᠰᠲ᠋ᠠᠲ᠋ᠢᠰᠲ᠋ᠢᠭ ᠤ᠋ᠨ ᠬᠣᠷᠢᠶᠠ ᠲᠠᠢ ᠬᠠᠮᠲᠤᠷᠠᠨ ᠮᠣᠩᠭᠣᠯ ᠤᠯᠤᠰ ᠤ᠋ᠨ ᢈᠡᠮᠵᠢᠶ ᠡᠨ ᠳ᠋ᠦ ᠡᠷᠦᢈᠡ ᠶ᠋ᠢᠨ ᠮᠢᠬᠠ ᠲᠤ-ᠡᠶᠢᠨ ᢈᠡᠷᠡᢉᠯᠡᢉᠡ᠂ ᢈᠦᠷᠲᠡᢉᠡᠮᠵᠢ ᠶ᠋ᠢᠨ ᠰᠤᠳᠤᠯᠭᠠ ᢈᠢᢉᠰᠡᠨ ᠪᠠᠶᠢᠳᠠᠭ᠃ ᠲᠤᠰ ᠰᠤᠳᠤᠯᠭᠠ ᠪᠠᠷ ᠮᠣᠩᠭᠣᠯ ᠤᠯᠤᠰ ᠤ᠋ᠨ ᠲᠣᠭᠠᠨ ᠪᠢᠴᠢᢉ ᠦᠰᠦᢉ ᠲᠠᠶᠢᠯᠤᠭᠳᠠᠯᠲᠠ ᠔᠓᠂᠘ ᠬᠤᠪᠢ ᠲᠠᠢ ᠭᠠᠷᠤᠭᠰᠠᠨ᠃ ᠮᠣᠩᠭᠣᠯ ᠤᠯᠤᠰ ᠤ᠋ᠨ ᢈᠦᠮᠦᠨ ᠠᠮᠠ ᠓᠂᠔ ᠰᠠᠶ᠋ᠢ ᢉᠡᠵᠦ ᠲᠣᠭᠠᠴᠠᠬᠤ ᠳ᠋ᠤ ᠡᢉᠦᠨ ᠦ᠋ ᠲᠠᠯᠠ ᠬᠤᠪᠢ ᠳ᠋ᠤ ᠴᠤ ᢈᠦᠷᢈᠦ ᠦᢉᠡᠢ ᠪᠠᠶᠢᠭᠠ ᠨᠢ ᠲᠡᠶᠢᠮᠦ ᠴᠤ ᠬᠠᠩᠭᠠᠯᠲᠠᠲᠠᠢ ᠦᠵᠡᢉᠦᠯᠦᠯᠲᠡ ᠪᠢᠰᠢ ᠶᠤᠮ᠃ ᠡᢉᠦᠨ ᠢ᠋ ᠨᠡᠮᠡᢉᠳᠡᢉᠦᠯᢈᠦ ᠲᠠᠯᠠ ᠳᠡᢉᠡᠷᠡ ᠮᠠᠨ ᠤ᠋ ᠭᠠᠵᠠᠷ ᠭᠣᠣᠯᠯᠠᠵᠤ ᠠᠵᠢᠯᠯᠠᠳᠠᠭ᠃ ᠮᠥᠨ ᠒᠐᠒᠑ ᠣᠨ ᠳ᠋ᠤ ᠨᠦᠪ- ᠤ᠋ᠨ ᢈᠥᢉᠵᠢᠯ ᠦ᠋ᠨ ᢈᠥᠲᠦᠯᠪᠦᠷᠢ ᠶ᠋ᠢᠨ ᢈᠦᠷᠢᠶᠡᠨ ᠳ᠋ᠦ ᠵᠣᠷᠢᠯᠲᠠᠲᠤ ᠪᠦᠯᠦᢉ ᠦ᠋ᠨ ᠢᠷᢉᠡᠳ ᠦ᠋ᠨ ᠴᠠᢈᠢᠮ ᠤᠷᠠ ᠴᠢᠳᠠᠪᠤᠷᠢ ᠶ᠋ᠢ ᠦᠨᠡᠯᠡᢈᠦ ᠴᠢᠨᠠᠷ ᠤ᠋ᠨ ᠰᠤᠳᠤᠯᠭᠠ ᠠᠪᠤᠭᠰᠠᠨ ᠪᠠᠶᠢᠳᠠᠭ᠃ ᠡᠨᠡ ᢈᠦᠷᠢᠶᠡᠨ ᠳ᠋ᠦ ᢈᠥᢉᠵᠢᠯ ᠦ᠋ᠨ ᠪᠡᠷᢈᠡᠰᠢᠶᠡᠯ ᠲᠡᠢ ᠢᠷᢉᠡᠳ᠂ ᠠᠬᠠᠮᠠᠳ ᠨᠠᠰᠤᠲᠠᠨ᠂ ᠠᠮᠵᠢᠷᠠᠭᠠᠨ ᠤ᠋ ᠪᠠᠲᠤᠯᠠᠭᠠᠵᠢᠬᠤ ᠲᠦᠪᠰᠢᠨ ᠡᠴᠡ ᠳᠣᠣᠭᠤᠷ ᠣᠷᠤᠯᠭᠠ ᠲᠠᠢ ᠡᠷᠦᢈᠡ᠂ ᠰᠢᠯᠵᠢᢉᠴᠢ ᠡᠷᠦᢈᠡ᠂ ᢈᠥᠳᠡᢉᠡ ᠶ᠋ᠢᠨ ᠪᠣᠯᠤᠨ ᠠᠯᠤᠰᠯᠠᠭᠳᠠᠭᠰᠠᠨ ᠡᠷᠦᢈᠡ ᠵᠡᠷᢉᠡ ᠲᠠᠪᠤᠨ ᠭᠣᠣᠯᠯᠠᠬᠤ ᠲᠥᠷᠦᠯ ᠳ᠋ᠦ ᠮᠡᠳᠡᢉᠡᠯᠡᠯ ᠦ᠋ᠨ ᠬᠤᠪᠢᠶᠠᠭᠳᠠᠯ ᠳ᠋ᠤ ᠢᠯᠡᢉᠦᠦ ᠲᠡᠢ ᠥᠷᠲᠦᠵᠦ᠂ ᠴᠠᢈᠢᠮ ᠤᠷᠠ ᠴᠢᠳᠠᠪᠤᠷᠢ ᠳᠣᠣᠭᠤᠷ ᢈᠡᠮᠵᠢᠶᠡᠨ ᠳ᠋ᠦ ᠪᠠᠶᠢᠭᠠ ᢉᠡᠰᠡᠨ ᠰᠤᠳᠤᠯᠭᠠᠨ ᠤ᠋ ᠦᠷᠡ ᠳ᠋ᠦᠩ ᠭᠠᠷᠤᠭᠰᠠᠨ᠃ ᠣᠯᠠᠨ ᠤᠯᠤᠰ ᠲᠤ ᠪᠦᢈᠦ ᠨᠡᠶᠢᠲᠡ ᠶ᠋ᠢᠨ ᠴᠠᢈᠢᠮ ᠪᠣᠯᠪᠠᠰᠤᠷᠠᠯ ᠢ᠋ ᠳᠡᢉᠡᢉᠰᠢᠯᠡᢉᠦᠯᢈᠦ DIGCOMP᠂ᠹ᠂ Digital literacy Global framework /DLGF/᠂ᠹ᠂ International Computer Driving license /ICDL/᠂ᠹ᠂ Microsoft Digital literacy course᠂ᠹ᠂ IC᠓ Digital Literacy ᠵᠡᠷᢉᠡ ᠤᠷᠠ ᠴᠢᠳᠠᠪᠤᠷᠢ ᠶ᠋ᠢᠨ ᠪᠦᠲᠦᠴᠡ ᠶ᠋ᠢᠨ ᢈᠦᠷᠢᠶᠡ ᠪᠠᠶᠢᠳᠠᠭ᠃ ᠳᠡᢉᠡᠷᠡᢈᠢ ᠪᠦᠲᠦᠴᠡ ᠶ᠋ᠢᠨ ᢈᠦᠷᠢᠶᠡ ᠨᠦ᠋ᢉᠦᠳ ᠨᠢ ᠳᠣᠲᠤᠷᠠ ᠪᠠᠨ ᠮᠡᠳᠡᢉᠡᠯᠡᠯ ᠥᢉᢉᠦᢉᠳᠡᠯ ᠲᠡᠢ ᠠᠵᠢᠯᠯᠠᠬᠤ᠂ ᠮᠡᠳᠡᢉᠡᠯᠡᠯ ᠦ᠋ᠨ ᠠᠶᠤᠯ ᠦᢉᠡᠢ ᠪᠠᠶᠢᠳᠠᠯ᠂ ᠴᠠᢈᠢᠮ ᠵᠠᠰᠠᠭᠯᠠᠯ ᠠᠰᠠᠭᠤᠳᠠᠯ ᠰᠢᠢᠳᠪᠦᠷᠢᠯᠡᢈᠦ ᢉᠡᢈᠦ ᠵᠡᠷᢉᠡ ᠴᠣᠭᠴᠠ ᠴᠢᠳᠠᠮᠵᠢ ᠨᠤᠭᠤᠳ ᠢ᠋ ᠪᠠᠭᠲᠠᠭᠠᠭᠰᠠᠨ ᠪᠠᠶᠢᠳᠠᠭ ᠪᠥᢉᠡᠳ ᠤᠯᠤᠰ ᠣᠷᠤᠨ ᠥᠪᠡᠷᠰᠡᠳ ᠦ᠋ᠨ ᠣᠨᠴᠠᠯᠢᠭ ᠲᠤ ᠲᠣᢈᠢᠷᠠᠭᠰᠠᠨ ᠴᠣᠭᠴᠠ ᠴᠢᠳᠠᠮᠵᠢ ᠨᠤᠭᠤᠳ ᠢ᠋ ᠲᠣᠳᠤᠷᠬᠠᠶᠢᠯᠠᠭᠰᠠᠨ ᠪᠠᠶᠢᠳᠠᠭ᠃
ᠲᠡᠶᠢᠮᠦ ᠡᠴᠡ ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠒᠔ ᠣᠨ ᠤ᠋ ᠑᠔᠑-ᠷ ᠲᠣᠭᠲᠠᠭᠠᠯ ᠢ᠋ᠶᠠᠷ ᠪᠦᢈᠦ ᠨᠡᠶᠢᠲᠡ ᠶ᠋ᠢᠨ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠰᠠᠭᠤᠷᠢ ᠮᠡᠳᠡᠯᢉᠡ᠂ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠵᠣᠷᠢᠯᠭᠠ ᠪᠠᠷ “ᠪᠦᢈᠦ ᠨᠡᠶᠢᠲᠡ ᠶ᠋ᠢᠨ ᠴᠠᢈᠢᠮ ᠤᠷᠠ ᠴᠢᠳᠠᠪᠤᠷᠢ ᠶ᠋ᠢᠨ ᠪᠦᠲᠦᠴᠡ ᠶ᠋ᠢᠨ ᢈᠦᠷᠢᠶᠡ”-ᠭ ᠖ ᠲᠡᠷᠢᢉᠦᠯᠡᢈᠦ ᠴᠢᢉᠯᠡᠯ ᠲᠡᠢ᠂ ᠮᠥᠨ ᠪᠣᠯᠪᠠᠰᠤᠷᠠᠯ᠂ ᠰᠢᠨᠵᠢᠯᠡᢈᠦ ᠤᠬᠠᠭᠠᠨ ᠤ᠋ ᠰᠠᠶᠢᠳ ᠤ᠋ᠨ ᠒᠐᠒᠔ ᠣᠨ ᠤ᠋ ᠠ/᠕᠗ ᠲᠤᠰᠢᠶᠠᠯ ᠢ᠋ᠶᠠᠷ “ᠠᠯᠪᠠᠨ ᠪᠣᠯᠤᠨ ᠠᠯᠪᠠᠨ ᠪᠤᠰᠤ ᠪᠣᠯᠪᠠᠰᠤᠷᠠᠯ ᠤ᠋ᠨ ᠰᠤᠷᠭᠠᠯᠲᠠ ᠪᠠᠷ ᠢᠷᢉᠡᠳ ᠦ᠋ᠨ ᠡᠵᠡᠮᠰᠢᠪᠡᠯ ᠵᠣᢈᠢᠬᠤ ᠮᠡᠳᠡᢉᠡᠯᠡᠯ᠂ ᠬᠠᠷᠢᠯᠴᠠᠭᠠ ᠬᠣᠯᠪᠤᠭᠠ᠂ ᠲᠧᠻᠨᠤᠯᠤᢉᠢ ᠶ᠋ᠢᠨ ᠴᠢᠳᠠᠮᠵᠢ ᠶ᠋ᠢᠨ ᢈᠦᠷᠢᠶᠡ”-ᠭ ᠑᠒ ᠴᠢᠳᠠᠮᠵᠢ ᠲᠠᠢ ᠪᠠᠷ ᠪᠣᠯᠪᠠᠰᠤᠷᠠᠭᠤᠯᠬᠤ ᠳ᠋ᠤ ᠮᠠᠨ ᠤ᠋ ᠪᠠᠶᠢᠭᠤᠯᠤᠯᠭᠠ ᠶ᠋ᠢᠨ ᠰᠤᠷᠭᠠᠯᠲᠠ ᠶ᠋ᠢᠨ ᠨᠢᢉᠡᠴᠡ ᠭᠣᠣᠯᠯᠠᠬᠤ ᠪᠠᠶᠢᠷᠢ ᠰᠠᠭᠤᠷᠢ ᠲᠠᠢ ᠠᠵᠢᠯᠯᠠᠵᠤ ᠪᠠᠲᠤᠯᠠᠭᠤᠯᠤᠭᠰᠠᠨ᠃ ᠢᠩᢉᠢᢉᠰᠡᠨ ᠢ᠋ᠶᠡᠷ ᠲᠦᠷᠦ ᠶ᠋ᠢᠨ ᠠᠯᠪᠠᠨ ᠬᠠᠭᠠᠭᠴᠢ᠂ ᠣᠶᠤᠲᠠᠨ᠂ ᠵᠠᠯᠠᠭᠤᠰ᠂ ᠰᠤᠷᠤᠭᠴᠢ᠂ ᠠᠬᠠᠮᠠᠳ ᠨᠠᠰᠤᠲᠠᠢ ᠪᠣᠯᠤᠨ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠤᠷᠤᠭᠤ ᠴᠢᢉᠯᠡᢉᠰᠡᠨ ᠰᠤᠷᠭᠠᠯᠲᠠ᠂ ᠦᠢᠯᠡ ᠠᠵᠢᠯᠯᠠᠭᠠ ᠶ᠋ᠢ ᠵᠣᢈᠢᠶᠠᠨ ᠪᠠᠶᠢᠭᠤᠯᠬᠤ ᠳ᠋ᠤ ᠭᠣᠣᠯ ᠪᠠᠷᠢᠮᠲᠠᠯᠠᠬᠤ ᠪᠢᠴᠢᢉ ᠪᠠᠷᠢᠮᠲᠠ ᠲᠠᠢ ᠪᠣᠯᠤᠭᠰᠠᠨ ᠪᠠᠶᠢᠨᠠ᠃
• ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠦ᠋ᠨ ᠬᠤᠪᠢ ᠳ᠋ᠤ E-Mongolia ᠰᠢᠰᠲ᠋ᠧᠮ ᠢ᠋ ᢈᠡᠷᠡᢉᠯᠡᢈᠦ ᠳ᠋ᠦ ᢈᠦᠷᠲᠡᢉᠡᠮᠵᠢ ᠶ᠋ᠢ ᢈᠡᠷᢈᠢᠨ ᠨᠡᠮᠡᢉᠳᠡᢉᠦᠯᠦᢉᠰᠡᠨ ᠪᠤᠢ? ᠶᠠᠭᠠᢈᠢᠵᠤ ᠵᠣᢈᠢᠴᠠᠭᠤᠯᠤᠭᠳᠠᠭᠰᠠᠨ ᠪᠠᠶᠢᠭᠠ ᠪᠤᠢ?
ᠮᠠᠨ ᠤ᠋ ᠪᠠᠶᠢᠭᠤᠯᠤᠯᠭᠠ ᠶ᠋ᠢᠨ ᠰᠲ᠋ᠠᠲ᠋ᠢᠰᠲ᠋ᠢᠭ ᠮᠡᠳᠡᢉᠡᠨ ᠡᠴᠡ ᠬᠠᠷᠠᠬᠤ ᠳ᠋ᠤ E-Mongolia ᠰᠢᠰᠲ᠋ᠧᠮ ᠢ᠋ ᠑᠂᠙᠕᠑᠂᠐᠐᠐ ᠢᠷᢉᠡᠨ ᢈᠡᠷᠡᢉᠯᠡᠵᠦ ᠪᠠᠶᠢᠭᠠ ᠠ᠋ᠴᠠ ᠕᠒᠂᠑᠔᠓ ᢈᠡᠷᠡᢉᠯᠡᢉᠴᠢ ᠨᠢ ᢈᠥᢉᠵᠢᠯ ᠦ᠋ᠨ ᠪᠡᠷᢈᠡᠰᠢᠶᠡᠯ ᠲᠡᠢ ᠢᠷᢉᠡᠨ ᠪᠠᠶᠢᠨᠠ᠃ ᠮᠤ- ᠤ᠋ᠨ ᢈᠡᠮᠵᠢᠶᠡᠨ ᠳ᠋ᠦ ᠑᠑᠕᠂᠑᠑᠕ ᢈᠥᢉᠵᠢᠯ ᠦ᠋ᠨ ᠪᠡᠷᢈᠡᠰᠢᠶᠡᠯ ᠲᠡᠢ ᠢᠷᢉᠡᠨ ᠪᠠᠶᠢᠭᠠ ᠶ᠋ᠢᠨ ᠔᠕᠂᠒ ᠬᠤᠪᠢ ᠨᠢ E-Mongolia ᠰᠢᠰᠲ᠋ᠧᠮ ᠠᠰᠢᠭᠯᠠᠨ ᠲᠥᠷᠦ ᠶ᠋ᠢᠨ ᠦᠢᠯᠡᠴᠢᠯᠡᢉᠡ ᠠᠪᠴᠤ ᠪᠠᠶᠢᠨᠠ᠃ ᠡᠳᠡᢉᠡᠷ ᢈᠪᠢ ᠨᠢ ᠰᠢᠰᠲ᠋ᠧᠮ ᠳ᠋ᠦ ᠨᠡᠪᠲᠡᠷᠡᢉᠰᠡᠨ ᠡᠴᠡ ᠬᠣᠶᠢᠰᠢ ᠨᠡᠶᠢᠲᠡ ᠒᠂᠐᠙᠖᠂᠖᠙᠗ ᠦᠢᠯᠡᠴᠢᠯᠡᢉᠡ ᠠᠪᠤᠭᠰᠠᠨ ᠪᠣᠯ ᠒᠐᠒᠔ ᠣᠨ ᠤ᠋ ᠪᠠᠶᠢᠳᠠᠯ ᠢ᠋ᠶᠠᠷ ᠘᠙᠙᠂᠑᠑᠖ ᠦᠢᠯᠡᠴᠢᠯᠡᢉᠡ ᠠᠪᠤᠭᠰᠠᠨ ᠪᠠᠶᠢᠬᠤ ᠵᠢᠱᠢᠶᠡ ᠲᠡᠢ᠃ ᠮᠠᠨ ᠤ᠋ ᠰᠤᠷᠭᠠᠯᠲᠠ ᠳ᠋ᠤ ᠬᠠᠮᠤᠷᠤᠭᠳᠠᠵᠤ ᠪᠠᠶᠢᠭᠠ ᠢᠷᢉᠡᠳ ᠦ᠋ᠨ ᠬᠤᠪᠢ ᠳ᠋ᠤ ᠶᠡᢈᠡᠩᢈᠢ ᠳ᠋ᠦ ᠪᠡᠨ ᠨᠠᠰᠤᠨ ᠳ᠋ᠤ ᢈᠦᠷᠦᢉᠰᠡᠨ ᢈᠦᠮᠦᠰ ᠪᠠᠶᠢᠳᠠᠭ ᠤᠴᠢᠷ ᠠ᠋ᠴᠠ ᠤᠳᠠᠭᠠᠨ ᠴᠠᠭ ᠢ᠋ᠶᠠᠷ ᠰᠠᠭᠤᠬᠤ ᠪᠣᠯᠤᠮᠵᠢ ᠬᠣᠮᠰᠠ ᠪᠠᠶᠢᠳᠠᠭ᠃ ᠰᠤᠷᠭᠠᠯᠲᠠ ᠳᠤᠮᠳᠠᠵᠢ ᠪᠠᠷ ᠬᠣᠶᠠᠷ ᠴᠠᠭ ᠣᠷᠴᠢᠮ ᠦᠷᢉᠦᠯᠵᠢᠯᠡᠳᠡᢉ᠃ ᠠᠯᠢ ᠪᠣᠯᠬᠤ ᠣᠨᠤᠯ ᠪᠣᠯᠤᠨ ᠫᠷᠠᠻᠲ᠋ᠢᠭ ᠢ᠋ ᠬᠣᠣᠰᠯᠠᠭᠤᠯᠤᠨ ᠰᠤᠷᠭᠠᠯᠲᠠ ᠶᠠᠪᠤᠭᠤᠯᠬᠤ ᠶ᠋ᠢ ᢈᠢᠴᠢᠶᠡᠳᠡᢉ᠃ ᠲᠤᠰᠬᠠᠢ ᢈᠡᠷᠡᢉᠴᠡᢉᠡᠲᠦ ᠢᠷᢉᠡᠳ ᠢ᠋ ᠰᠤᠷᠭᠠᠯᠲᠠ ᠳ᠋ᠤ ᠬᠠᠮᠤᠷᠤᠭᠳᠠᠵᠤ ᠪᠠᠶᠢᠭᠠ ᠢᠷᢉᠡᠳ ᠦ᠋ᠨ ᠬᠤᠪᠢ ᠳ᠋ᠤ ᠶᠡᢈᠡᠩᢈᠢ ᠳ᠋ᠦ ᠪᠡᠨ ᠨᠠᠰᠤᠨ ᠳ᠋ᠤ ᢈᠦᠷᠦᢉᠰᠡᠨ ᢈᠦᠮᠦᠰ ᠪᠠᠶᠢᠳᠠᠭ ᠤᠴᠢᠷ ᠠ᠋ᠴᠠ ᠤᠳᠠᠭᠠᠨ ᠴᠠᠭ ᠢ᠋ᠶᠠᠷ ᠰᠠᠭᠤᠬᠤ ᠪᠣᠯᠤᠮᠵᠢ ᠬᠣᠮᠰᠠ ᠪᠠᠶᠢᠳᠠᠭ᠃ ᠰᠤᠷᠭᠠᠯᠲᠠ ᠳᠤᠮᠳᠠᠵᠢ ᠪᠠᠷ ᠬᠣᠶᠠᠷ ᠴᠠᠭ ᠣᠷᠴᠢᠮ ᠦᠷᢉᠦᠯᠵᠢᠯᠡᠳᠡᢉ᠃ ᠠᠯᠢ ᠪᠣᠯᠬᠤ ᠣᠨᠤᠯ ᠪᠣᠯᠤᠨ ᠫᠷᠠᠻᠲ᠋ᠢᠭ ᠢ᠋ ᠬᠣᠣᠰᠯᠠᠭᠤᠯᠤᠨ ᠰᠤᠷᠭᠠᠯᠲᠠ ᠶᠠᠪᠤᠭᠤᠯᠬᠤ ᠶ᠋ᠢ ᢈᠢᠴᠢᠶᠡᠳᠡᢉ᠃ ᠲᠤᠰᠬᠠᠢ ᢈᠡᠷᠡᢉᠴᠡᢉᠡᠲᠦ ᠢᠷᢉᠡᠳ ᠢ᠋ ᠰᠤᠷᠭᠠᠯᠲᠠ ᠳ᠋ᠤ ᠬᠠᠮᠤᠷᠤᠭᠳᠠᠵᠤ ᠪᠠᠶᠢᠭᠠ ᠢᠷᢉᠡᠳ ᠦ᠋ᠨ ᠬᠤᠪᠢ ᠳ᠋ᠤ ᠶᠡᢈᠡᠩᢈᠢ ᠳ᠋ᠦ ᠪᠡᠨ ᠨᠠᠰᠤᠨ ᠳ᠋ᠤ ᢈᠦᠷᠦᢉᠰᠡᠨ ᢈᠦᠮᠦᠰ ᠪᠠᠶᠢᠳᠠᠭ ᠤᠴᠢᠷ ᠠ᠋ᠴᠠ ᠤᠳᠠᠭᠠᠨ ᠴᠠᠭ ᠢ᠋ᠶᠠᠷ ᠰᠠᠭᠤᠬᠤ ᠪᠣᠯᠤᠮᠵᠢ ᠬᠣᠮᠰᠠ ᠪᠠᠶᠢᠳᠠᠭ᠃ ᠰᠤᠷᠭᠠᠯᠲᠠ ᠳᠤᠮᠳᠠᠵᠢ ᠪᠠᠷ ᠬᠣ E-Mongolia ᠠᠫᠫᠯᠢᠻᠧᠶᠢᠱᠢᠨ᠋ ᠪᠣᠯᠤᠨ ᠸᠧᠪ ᠰᠠᠶᠢᠲ ᠠᠯᠢ ᠠᠯᠢ ᠨᠢ ᠳᠡᠯᢉᠡᠴᠡ ᠤᠩᠰᠢᠭᠴᠢ ᠫᠷᠣᢉᠷᠠᠮᠮ ᠢ᠋ᠶᠠᠷ ᠤᠩᠰᠢᠭᠳᠠᠳᠠᠭ ᠪᠣᠯᠤᠭᠰᠠᠨ᠃ ᠬᠠᠷᠠᠭᠠᠨ ᠤ᠋ ᠪᠡᠷᢈᠡᠰᠢᠶᠡᠯ ᠲᠡᠢ ᠢᠷᢉᠡᠨ ᠳᠡᠯᢉᠡᠴᠡ ᠶ᠋ᠢᠨ ᢈᠦᠰᠡᢉᠰᠡᠨ ᠭᠠᠵᠠᠷ ᢈᠦᠷᢈᠦ ᠳ᠋ᠦ ᠲᠡᠨᠳᠡ ᠪᠠᠶᠢᠭᠠ ᠦᢉᠡ᠂ ᠥᢉᠦᠯᠡᠪᠦᠷᠢ ᠲᠤᠬᠠᠢ ᠶ᠋ᠢᠨ ᢈᠦᠮᠦᠨ ᠳ᠋ᠦ ᠤᠩᠰᠢᠭᠳᠠᠳᠠᠭ ᠪᠣᠯᠤᠭᠰᠠᠨ ᠶᠠᠭᠤᠮᠠ᠃ ᠲᠡᢉᠰᠢ ᢈᠦᠷᠲᠡᢉᠡᠮᠵᠢ ᠶ᠋ᠢᠨ ᠲᠠᠯᠠ ᠳᠡᢉᠡᠷᠡ “ᠸᠧᠪ ᠻᠣᠨᠲ᠋ᠧᠨᠲ ᠤ᠋ᠨ ᢈᠦᠷᠲᠡᢉᠡᠮᠵᠢ ᠶ᠋ᠢᠨ ᠤᠳᠤᠷᠢᠳᠤᠮᠵᠢ (WCAG)” ᠳᠡᠯᠡᢈᠡᠢ ᠳ᠋ᠦ ᠨᠡᠶᠢᠲᠡ ᠪᠡᠷ ᢈᠦᠯᠢᠶᠡᠨ ᠵᠥᠪᠰᠢᠶᠡᠷᠡᢉᠰᠡᠨ ᢈᠦᠷᠲᠡᢉᠡᠮᠵᠢ ᠶ᠋ᠢ ᠨᠡᠮᠡᢉᠳᠡᢉᠦᠯᢈᠦ ᠰᠲ᠋ᠠᠨ᠋ᠳᠠᠷᠲ ᠪᠥᢉᠡᠳ ᠡᢉᠦᠨ ᠢ᠋ ᠪᠣᠯᠪᠠᠰᠤᠷᠠᠭᠤᠯᠬᠤ ᠳ᠋ᠤ ᠪᠠᠨ ᠢᠨ᠋ᠲ᠋ᠧᠷᠨᠧᠲ ᢈᠡᠷᠡᢉᠯᠡᢉᠴᠢ ᠶ᠋ᠢᠨ ᠣᠨᠴᠠᠯᠢᠭ᠂ ᠲᠥᢈᠦᢉᠡᠷᠦᠮᠵᠢ ᠶ᠋ᠢᠨ ᠲᠥᠷᠦᠯ᠂ ᠢᠨ᠋ᠲ᠋ᠧᠷᠨᠧᠲ ᠦ᠋ᠨ ᠬᠤᠷᠳᠤ ᠵᠡᠷᢉᠡ ᠶ᠋ᠢ ᠲᠤᠰᠬᠠᠭᠰᠠᠨ ᠪᠠᠶᠢᠳᠠᠭ᠃ ᠡᠩ ᠦ᠋ᠨ ᠢ᠋ᠶᠡᠷ ᢈᠡᠯᠡᠪᠡᠯ᠂ ᠡᠨᠡ ᠵᠥᠪᠯᠡᠮᠵᠢ ᠶ᠋ᠢᠨ ᠳᠠᠭᠠᠭᠤ ᠠᠵᠢᠯᠯᠠᠭᠰᠠᠨ ᠪᠣᠯ ᠲᠡᢉᠰᠢ ᢈᠦᠷᠲᠡᢉᠡᠮᠵᠢ ᠶ᠋ᠢ ᠪᠦᠷᠢᠳᠦᢉᠦᠯᠦᢉᠰᠡᠨ ᢉᠡᠵᠦ ᠦᠨᠳᠦᠰᠦᠨ ᠳ᠋ᠡᢉᠡᠨ ᠲᠣᠭᠠᠴᠠᠳᠠᠭ᠃
ᠴᠠᠭᠠᠰᠢᠳᠠ ᠡᠷᠳᠡᠮ ᠰᠢᠨᠵᠢᠯᠡᢉᠡ᠂ ᠰᠤᠳᠤᠯᠭᠠᠨ ᠤ᠋ ᠴᠢᢉᠯᠡᠯ ᠢ᠋ᠶᠡᠷ ᢈᠡᠷᢈᠢᠨ ᠠᠵᠢᠯᠯᠠᠬᠤ ᠪᠤᠢ?
“ᠢ-ᠮᠣᠩᠭᠤᠯ ᠠᠻᠠᠳ᠋ᠧᠮᠢ” ᠤᠲᠤᠭ ᠦᠨᠳᠦᠰᠦᠨ ᠪᠣᠯᠤᠨ ᠳᠡᠮᠵᠢᢈᠦ ᠰᠢᠰᠲ᠋ᠧᠮ ᠦ᠋ᠳ ᠢ᠋ ᢈᠥᢉᠵᠢᢉᠦᠯᢈᠦ᠂ ᠰᠢᠰᠲ᠋ᠧᠮ ᠬᠣᠭᠤᠷᠤᠨᠳᠤ ᠶ᠋ᠢᠨ ᠢᠨ᠋ᠲ᠋ᠧᢉᠷᠠᠼᠢ ᠶ᠋ᠢ ᢈᠢᢈᠦ᠂ ᠰᠤᠷᠭᠠᠯᠲᠠ᠂ ᠦᠢᠯᠡ ᠠᠵᠢᠯᠯᠠᠭᠠ ᠶ᠋ᠢ ᠵᠣᢈᠢᠶᠠᠨ ᠪᠠᠶᠢᠭᠤᠯᠬᠤ ᠠ᠋ᠴᠠ ᠭᠠᠳᠠᠨᠠ ᠪᠠᠶᠢᠭᠤᠯᠤᠭᠳᠠᠭᠰᠠᠨ ᠴᠠᠭ ᠠ᠋ᠴᠠ ᠪᠠᠨ ᠬᠣᠶᠢᠰᠢ ᠡᠷᠳᠡᠮ ᠰᠢᠨᠵᠢᠯᠡᢉᠡ᠂ ᠰᠤᠳᠤᠯᠭᠠᠨ ᠤ᠋ ᠠᠵᠢᠯ ᠢ᠋ ᠳᠠᠪᠬᠤᠷ ᢈᠢᢉᠰᠡᢉᠡᠷ ᠢᠷᠡᢉᠰᠡᠨ᠃ ᠳᠤᠷᠠᠳᠬᠤ ᠳ᠋ᠤ;
• ᠣᠯᠠᠨ ᠤᠯᠤᠰ ᠤ᠋ᠨ ᠰᠢᠨᠵᠢᠯᠡᢈᠦ ᠤᠬᠠᠭᠠᠨ᠂ ᠢᠨᠵᠧᠨᠧᠷᠴᠢᠯᠡᠯ᠂ ᠲᠧᠻᠨᠤᠯᠤᢉᠢ ᠶ᠋ᠢᠨ ᠪᠠᠭᠠ ᠬᠤᠷᠠᠯ (ICSET ᠒᠐᠒᠓)- ᠳ᠋ᠤ “ᠪᠦᢈᠦ ᠨᠡᠶᠢᠲᠡ ᠶ᠋ᠢᠨ ᠮᠢᠬᠠ ᠲᠤ-ᠡᠶᠢᠨ ᠴᠢᠳᠠᠮᠵᠢ ᠶ᠋ᠢᠨ ᠪᠦᠲᠦᠴᠡ ᠶ᠋ᠢᠨ ᢈᠦᠷᠢᠶᠡ” ᠰᠡᠳᠦᠪᠲᠦ ᠥᢉᠦᠯᠡᠯ ᠢ᠋ ᠢᠯᠡᠳᢈᠡᠵᠦ᠂ ᠣᠯᠠᠨ ᠤᠯᠤᠰ ᠤ᠋ᠨ ᠰᠡᠳᢈᠦᠯ ᠳ᠋ᠦ ᠨᠡᠶᠢᠲᠡᠯᠡᢉᠳᠡᢉᠰᠡᠨ᠃ ᠲᠤᠰ ᠬᠤᠷᠠᠯ ᠨᠢ ᠒᠐᠑᠑ ᠣᠨ ᠠ᠋ᠴᠠ ᠡᢈᠢᠯᠡᠵᠦ ᠵᠣᢈᠢᠶᠠᠨ ᠪᠠᠶᠢᠭᠤᠯᠤᠭᠳᠠᠭᠰᠠᠨ ᠪᠥᢉᠡᠳ ᢈᠢᠨᠭᠤ᠂ ᠹᠷᠠᠨ᠋ᠼ᠂ ᠪᠩᠬᠠᠤ᠂ ᠮᠣᠩᠭᠣᠯ᠂ ᠶᠣᠷᠳᠠᠨ᠂ ᠠᠯᠵᠢᠷ᠂ ᠶᠠᠫᠣᠨ᠋᠂ ᠻᠠᠽᠠᠬᠰᠲ᠋ᠠᠨ᠋᠂ ᠪᠦᢉᠦᠳᠡ ᠨᠠᠶᠢᠷᠠᠮᠳᠠᠬᠤ ᠦᠽᠪᠧᠻᠢᠰᠲ᠋ᠠᠨ᠋ ᠤᠯᠤᠰ ᠣᠷᠤᠯᠴᠠᠭᠰᠠᠨ᠃
• ᢈᠡᠩᠭᠤ- ᠤ᠋ᠨ ᠯᠠᠦ᠋ᠲ᠋ᠠ/ᠯᠠᠪᠦ᠋ᠱ (Lauta/Laubusch) ᠬᠣᠲᠠ ᠶ᠋ᠢᠨ IBS ᠰᠠᠩ ᠠ᠋ᠴᠠ ᠑᠓ ᠳᠠᢈᠢ ᠵᠢᠯ ᠳ᠋ᠦ ᠪᠡᠨ ᠵᠣᢈᠢᠶᠠᠨ ᠪᠠᠶᠢᠭᠤᠯᠤᠭᠰᠠᠨ “ᠣᠯᠠᠨ ᠤᠯᠤᠰ ᠤ᠋ᠨ ᠻᠣᠮᠫᠢᠶᠦᠲ᠋ᠧᠷ ᠤ᠋ᠨ ᠰᠢᠨᠵᠢᠯᠡᢈᠦ ᠤᠬᠠᠭᠠᠨ᠂ ᠪᠣᠯᠪᠠᠰᠤᠷᠠᠯ ᠤ᠋ᠨ ᠲᠧᠻᠨᠤᠯᠤᢉᠢ ᠶ᠋ᠢᠨ ᠰᠢᠮᠫᠤᠽᠢᠦᠮ (ISCSET)”- ᠳ᠋ᠤ “The ICT Competence Framework for Formal and Non-formal Educational Training in Mongolia” ᠰᠡᠳᠦᠪᠲᠦ ᠢᠯᠡᠳᢈᠡᠯ ᠢ᠋ ᠭᠤᠷᠪᠠᠨ ᠤᠳᠠᠭᠠ ᠶ᠋ᠢᠨ ᠰᠢᢉᠦᠮᠵᠢ ᠪᠡᠷ ᠰᠠᠶᠢᠵᠢᠷᠠᠭᠤᠯᠤᠨ ᠣᠯᠠᠨ ᠤᠯᠤᠰ ᠤ᠋ᠨ IEEE ᠰᠲ᠋ᠠᠨ᠋ᠳᠠᠷᠲ ᠢ᠋ ᠬᠠᠩᠭᠠᠭᠰᠠᠨ ᠲᠤᠯᠠ ᢈᠡᠯᠡᠯᠴᠡᢉᠦᠯᠵᠦ᠂ scopus- ᠳ᠋ᠤ ᠪᠦᠷᠢᠳᢈᠡᠯ ᠲᠡᠢ ᠰᠡᠳᢈᠦᠯ ᠳ᠋ᠦ ᠨᠡᠶᠢᠲᠡᠯᠡᢉᠦᠯᠦᢉᠰᠡᠨ᠃
• ᠒᠐᠒᠔ ᠣᠨ ᠤ᠋ ᠔ ᠰᠠᠷᠠ ᠶ᠋ᠢᠨ ᠒᠔-ᠨᠳᠦ “ᠨᠡᢉᠡᢉᠡᠯᠲᠡ ᠲᠡᠢ ᠪᠣᠯᠪᠠᠰᠤᠷᠠᠯ ᠒᠐᠒᠔” ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠵᠣᢈᠢᠶᠠᠨ ᠪᠠᠶᠢᠭᠤᠯᠤᠭᠳᠠᠭᠰᠠᠨ᠃ ᠨᠡᠶᠢᠲᠡ ᠑᠖ ᠢᠯᠡᠳᢈᠡᠯ ᢈᠡᠯᠡᠯᠴᠡᢉᠦᠯᠦᢉᠳᠡᢉᠰᠡᠨ᠃
• ᠒᠐᠒᠔ ᠣᠨ ᠤ᠋ ᠕ ᠰᠠᠷᠠ ᠶ᠋ᠢᠨ ᠒᠙᠂ ᠓᠐-ᠨᠳᠤ ᠪᠣᠯᠪᠠᠰᠤᠷᠠᠯ ᠤ᠋ᠨ ᠲᠤᠯᠭᠠᠮᠳᠠᠭᠰᠠᠨ ᠠᠰᠠᠭᠤᠳᠠᠯ᠂ ᠰᠢᠶᠢᠳᠦᠯ ᠠᠷᠭᠠ ᠵᠠᠮ-᠒᠐᠒᠔ ᠲᠠᠪᠤᠨ ᠪᠠᠶᠢᠭᠤᠯᠤᠯᠭᠠ ᠶ᠋ᠢᠨ ᠬᠠᠮᠲᠤᠷᠠᠭᠰᠠᠨ ᠡᠷᠳᠡᠮ ᠰᠢᠨᠵᠢᠯᠡᢉᠡᠨ ᠦ᠋ ᠬᠤᠷᠠᠯ ᠢ᠋ᠶᠠᠷ “ᢈᠡᠦᢈᠡᠳ ᠦ᠋ᠨ ᠠᠻᠠᠳ᠋ᠧᠮᠢᠻ ᠦᢉᠡ ᠶ᠋ᠢᠨ ᠨᠥᢉᠡᠴᠡ ᠶ᠋ᠢ ᠲᠣᠭᠲᠠᠭᠠᠵᠤ᠂ ᠦᢉᠡ ᠶ᠋ᠢᠨ ᠰᠠᠩ ᠢ᠋ ᠲᠦᠪᠰᠢᠨ ᠳ᠋ᠦ ᠣᠨᠤᠭᠠᠬᠤ ᠰᠤᠳᠤᠯᠭᠠᠨ ᠤ᠋ ᠵᠠᠷᠢᠮ ᠦᠷᠡ ᠳ᠋ᠦᠩ”᠂ᠹ᠂ “ᠦᠨᠳᠦᠰᠦᠨ ᠦ᠋ ᠪᠢᠴᠢᢉ ᠠᠫᠫᠯᠢᠻᠧᠶᠢᠱᠢᠨ ᠤ᠋ ᠲᠤᠷᠰᠢᠯᠲᠠ ᠶ᠋ᠢᠨ ᠦᠷᠡ ᠳ᠋ᠦᠩ” ᠰᠡᠳᠦᠪᠲᠦ ᠥᢉᠦᠯᠡᠯ ᠦ᠋ᠳ ᠢ᠋ ᠬᠠᠮᠲᠤᠷᠠᠨ ᠪᠢᠴᠢᠵᠦ᠂ ᢈᠡᠯᠡᠯᠴᠡᢉᠦᠯᠦᢉᠰᠡᠨ᠃
• ᠒᠐᠒᠔ ᠣᠨ ᠤ᠋ ᠓ ᠰᠠᠷᠠ ᠶ᠋ᠢᠨ ᠒᠓-ᠨᠳᠤ ᠵᠣᢈᠢᠶᠠᠨ ᠪᠠᠶᠢᠭᠤᠯᠤᠭᠳᠠᠭᠰᠠᠨ “ᠰᠤᠷᠭᠠᠯᠲᠠ-ᠰᠤᠳᠤᠯᠭᠠ-ᢈᠥᢉᠵᠢᠯ ᠒᠐᠒᠔” ᠡᠷᠳᠡᠮ ᠰᠢᠨᠵᠢᠯᠡᢉᠡᠨ ᠦ᠋ ᠬᠤᠷᠠᠯ ᠳ᠋ᠤ “ᠮᠣᠩᠭᠣᠯ ᠤᠯᠤᠰ ᠤ᠋ᠨ ᠠᠯᠪᠠᠨ ᠪᠣᠯᠤᠨ ᠠᠯᠪᠠᠨ ᠪᠤᠰᠤ ᠪᠣᠯᠪᠠᠰᠤᠷᠠᠯ ᠤ᠋ᠨ ᠰᠤᠷᠭᠠᠯᠲᠠ ᠪᠠᠷ ᠢᠷᢉᠡᠳ ᠦ᠋ᠨ ᠮᠡᠳᠡᢉᠡᠯᠡᠯ᠂ ᠬᠠᠷᠢᠯᠴᠠᠭᠠ ᠬᠣᠯᠪᠤᠭᠠ᠂ ᠲᠧᠻᠨᠣᠯᠣᢉᠢ ᠶ᠋ᠢᠨ ᠴᠢᠳᠠᠮᠵᠢ ᠶ᠋ᠢᠨ ᠪᠦᠲᠦᠴᠡ ᠶ᠋ᠢᠨ ᢈᠦᠷᠢᠶᠡ ᠶ᠋ᠢ ᠪᠣᠯᠪᠠᠰᠤᠷᠠᠭᠤᠯᠤᠭᠰᠠᠨ ᠪᠠᠶᠢᠳᠠᠯ” ᠰᠡᠳᠦᠪᠲᠦ ᠥᢉᠦᠯᠡᠯ ᠢ᠋ ᠪᠢᠴᠢᠵᠦ᠂ ᠢᠯᠡᠳᢈᠡᢉᠰᠡᠨ᠃ ᠡᠳᠡᢉᠡᠷ ᠣᠯᠠᠨ ᠤᠯᠤᠰ ᠤ᠋ᠨ ᠪᠣᠯᠤᠨ ᠳᠣᠲᠤᠭᠠᠳᠤ ᠶ᠋ᠢᠨ ᠡᠷᠳᠡᠮ ᠰᠢᠨᠵᠢᠯᠡᢉᠡᠨ ᠦ᠋ ᠠᠵᠢᠯ ᠤ᠋ᠳ ᠲᠤ ᠣᠷᠤᠯᠴᠠᠵᠤ ᠪᠠᠶᠢᠭᠰᠠᠨ ᠲᠤᠷᠰᠢᠯᠭᠠᠲᠠᠢ ᠳᠡᢉᠡᠷᠡ ᠪᠡᠨ ᠦᠨᠳᠦᠰᠦᠯᠡᢉᠡᠳ E-Mongolia ᠰᠢᠰᠲ᠋ᠧᠮ ᠦ᠋ᠨ ᠥᢉᢉᠦᢉᠳᠡᠯ ᠳ᠋ᠦ ᠰᠠᠭᠤᠷᠢᠯᠠᠵᠤ᠂ ᠲᠥᠷᠦ ᠶ᠋ᠢᠨ ᠦᠢᠯᠡᠴᠢᠯᠡᢉᠡᠨ ᠦ᠋ ᠴᠠᢈᠢᠮᠵᠢᠯᠲᠠ ᠶ᠋ᠢᠨ ᠲᠠᠯᠠᠭᠠᠷ ᠥᢉᠦᠯᠡᠯ᠂ ᠨᠡᠶᠢᠲᠡᠯᠡᠯ ᠪᠢᠴᠢᢈᠦ᠂ ᠬᠤᠷᠠᠯ᠂ ᠵᠥᠪᠯᠡᢉᠡᠨ᠂ ᠰᠢᠮᠫᠣᠽᠢᠦ᠋ᠮ ᠳ᠋ᠤ ᠢᠯᠡᠳᢈᠡᠯ ᢈᠡᠯᠡᠯᠴᠡᢉᠦᠯᢈᠦ᠂ ᠰᠲ᠋ᠠᠲ᠋ᠢᠰᠲ᠋ᠢᠭ ᠦᠷᠡ ᠳ᠋ᠦᠩ ᠢ᠋ ᠣᠯᠠᠨ ᠨᠡᠶᠢᠲᠡ ᠳ᠋ᠦ ᠰᠣᠨᠢᠷᠬᠠᠯᠲᠠᠢ ᠣᠯᠠᠨ ᠲᠥᠷᠦᠯ ᠦ᠋ᠨ ᠻᠣᠨ᠋ᠲ᠋ᠧᠨ᠋ᠲ ᠪᠠᠶᠢᠳᠠᠯ ᠢ᠋ᠶᠠᠷ ᠲᠠᠨᠢᠭᠤᠯᠬᠤ᠂ ᠨᠡᠶᠢᠲᠡᠯᠡᢈᠦ ᠵᠡᠷᢉᠡ ᠪᠡᠷ ᠠᠻᠠᠳ᠋ᠧᠮᠢᠻ ᠲᠦᠪᠰᠢᠨ ᠳ᠋ᠦ ᠠᠵᠢᠯᠯᠠᠬᠤ ᠪᠠᠷ ᠒᠐᠒᠕ ᠣᠨ ᠳ᠋ᠤ ᠲᠥᠯᠦᠪᠯᠡᢉᠡᠳ ᠪᠠᠶᠢᠨᠠ᠃