ᢈᠡᠳᠦᢈᠡᠨ ᠵᠢᠯ ᠦ᠋ᠨ ᠡᠮᠦᠨᠡ ᠪᠢᠳᠡ ᠢᠷᢉᠡᠨ ᠦ᠋ ᠦᠨᠡᠮᠯᠡᢈᠦ᠂ ᠭᠠᠳᠠᠭᠠᠳᠤ ᠫᠠᠰᠫᠣᠷᠲ ᠢ᠋ᠶᠠᠨ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠲᠤ ᠥᠪᠡᠷ ᠦ᠋ᠨ ᠪᠡᠶᠡ ᠪᠡᠷ ᠣᠴᠢᠵᠤ ᠣᠯᠠᠨ ᠱᠠᠲᠤ ᠳᠠᠮᠵᠢᠯᠭᠠ ᠲᠠᠢ ᠪᠠᠷ ᠵᠠᢈᠢᠶᠠᠯᠠᠵᠤ ᠠᠪᠳᠠᠭ ᠪᠠᠶᠢᠭᠰᠠᠨ᠃ ᠴᠠᢈᠢᠮ ᠦᠨᠳᠦᠰᠦᠲᠡᠨ ᠪᠣᠯᠬᠤ ᠵᠣᠷᠢᠯᠲᠠ ᠶ᠋ᠢᠨ ᢈᠦᠷᠢᠶᠡᠨ ᠳ᠋ᠦ ᠲᠥᠷᠦ ᠶ᠋ᠢᠨ ᠦᠢᠯᠡᠴᠢᠯᠡᢉᠡ ᠨᠦ᠋ᢉᠦᠳ ᠢ᠋ ᠴᠠᢈᠢᠮᠵᠢᠭᠤᠯᠵᠤ ᠴᠠᢈᠢᠮ ᠰᠢᠯᠵᠢᠯᠲᠡ ᠤᠷᠤᠭᠤ ᠰᠢᠯᠵᠢᢉᠰᠡᠨ ᠡᠴᠡ ᠬᠣᠶᠢᠰᠢ ᠤᠯᠠᠮᠵᠢᠯᠠᠯᠲᠤ ᠪᠠᠶᠢᠳᠠᠯ ᠢ᠋ ᠬᠣᠣᠰᠯᠠᠭᠤᠯᠤᠨ ᠢᠷᢉᠡᠳ ᠲᠦ ᠴᠢᠷᠦᢉᠳᠡᠯ ᠤᠴᠠᠷᠠᠭᠤᠯᠬᠤ ᠦᢉᠡᠢ ᠪᠡᠷ ᠢᠷᢉᠡᠨ ᠦ᠋ ᠴᠠᠭ ᠬᠤᠭᠤᠴᠠᠭᠠ ᠶ᠋ᠢ ᢈᠡᠮᠨᠡᠨ ᠢᠯᠡᢉᠦᠦ ᢈᠢᠯᠪᠠᠷ᠂ ᢈᠦᠷᠲᠡᢉᠡᠮᠵᠢᠲᠡᠢ᠂ ᠰᠢᠭᠤᠷᠬᠠᠢ ᠪᠠᠶᠢᠳᠠᠯ ᠢ᠋ ᠪᠤᠢ ᠪᠣᠯᠭᠠᠨ ᠢᠷᢉᠡᠨ ᠪᠦᠷᠢ E-Mongolia ᠰᠢᠰᠲ᠋ᠧᠮ ᠡᠴᠡ ᠪᠡᠨ ᠥᠪᠡᠷ ᠦ᠋ᠨ ᠪᠦᠷᠢᠳᢈᠡᠯ ᠢ᠋ᠶᠡᠷ ᠢ᠋ᠶᠡᠨ ᠨᠡᠪᠲᠡᠷᠡᠨ ᠯᠠᠪᠯᠠᠭᠠ᠂ ᠲᠣᠳᠤᠷᠬᠠᠶᠢᠯᠠᠯᠲᠠ ᠶ᠋ᠢ ᢈᠡᠳᠦᢈᠡᠨ ᠰᠧᠻᠦ᠋ᠨ᠋ᠳ᠋ ᠤ᠋ᠨ ᠬᠤᠭᠤᠴᠠᠭᠠᠨ ᠳ᠋ᠤ ᠠᠪᠬᠤ ᠪᠣᠯᠤᠮᠵᠢᠲᠠᠢ ᠪᠣᠯᠤᠭᠰᠠᠨ᠃
“ᠢ-ᠮᠣᠩᠭᠤᠯ ᠠᠻᠠᠳ᠋ᠧᠮᠢ” ᠤᠲᠤᠭ ᠨᠢ ᠪᠠᠶᠢᠭᠤᠯᠤᠭᠳᠠᠭᠰᠠᠨ ᠴᠠᠭ ᠠ᠋ᠴᠠ ᠪᠠᠨ ᠬᠣᠶᠢᠰᠢ ᠣᠳᠤ ᠶ᠋ᠢ ᢈᠦᠷᠲᠡᠯᠡ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠲᠠᠢ ᠬᠠᠮᠲᠤᠷᠠᠨ ᠠᠵᠢᠯᠯᠠᠵᠤ ᠬᠠᠷᠢᠯᠴᠠᠭᠠ ᠬᠣᠯᠪᠤᠭᠠ ᠪᠠᠨ ᠢᠯᠡᢉᠦᠦ ᠪᠠᠲᠤᠳᠬᠠᠨ ᠲᠤᠰ ᠭᠠᠵᠠᠷ ᠠ᠋ᠴᠠ ᠣᠯᠭᠤᠳᠠᠭ ᠢᠷᢉᠡᠳ ᠲᠦ ᠬᠠᠮᠤᠭ ᠤ᠋ᠨ ᢈᠡᠷᠡᢉᠲᠡᠢ᠂ ᠱᠠᠭᠠᠷᠳᠠᠯᠭᠠᠲᠠᠢ ᠑᠔᠘ ᠦᠢᠯᠡᠴᠢᠯᠡᢉᠡ ᠶ᠋ᠢ ᠴᠠᢈᠢᠮᠵᠢᠭᠤᠯᠵᠡᠢ᠃ ᠡᠳᠡᢉᠡᠷ ᠦᠢᠯᠡᠴᠢᠯᠡᢉᠡ ᠨᠦ᠋ᢉᠦᠳ ᠡᠴᠡ ᠵᠠᠷᠢᠮ ᠦᠢᠯᠡᠴᠢᠯᠡᢉᠡ ᠨᠢ ᠬᠠᠮᠤᠭ ᠤ᠋ᠨ ᠡᠷᠢᠯᠲᠡ ᠲᠡᠢ ᠪᠠᠶᠢᠳᠠᠭ᠃ ᠲᠤᠬᠠᠶᠢᠯᠠᠪᠠᠯ: ᠨᠡᠶᠢᠲᠡ ᠬᠤᠭᠤᠴᠠᠭᠠᠨ ᠳ᠋ᠤ E-Mongolia ᠰᠢᠰᠲ᠋ᠧᠮ ᠡᠴᠡ ᠢᠷᢉᠡᠨ ᠦ᠋ ᠦᠨᠡᠮᠯᠡᢈᠦ ᠶ᠋ᠢᠨ ᠯᠠᠪᠯᠠᠭᠠ ᠶ᠋ᠢ ᠒᠂᠖᠕᠓᠂᠘᠙᠗ ᠤᠳᠠᠭᠠ᠂ ᠢᠷᢉᠡᠨ ᠦ᠋ ᠣᠷᠤᠰᠢᠨ ᠰᠠᠭᠤᠭᠠ ᠬᠠᠶ᠋ᠢᠭ ᠤ᠋ᠨ ᠯᠠᠪᠯᠠᠭᠠ ᠶ᠋ᠢ ᠑᠂᠔᠓᠓᠂᠓᠓᠙ ᠤᠳᠠᠭᠠ ᠲᠤᠬᠠᠢ ᠶ᠋ᠢᠨ ᠦᠢᠯᠡᠴᠢᠯᠡᢉᠡ ᠨᠦ᠋ᢉᠦᠳ ᠢ᠋ ᠠᠪᠤᠭᠰᠠᠨ ᠪᠠᠶᠢᠨᠠ᠃ ᠬᠠᠷᠢᠨ ᠵᠠᠷᠢᠮ ᠦᠢᠯᠡᠴᠢᠯᠡᢉᠡ ᠶ᠋ᠢ ᠨᠢ ᠢᠷᢉᠡᠳ ᠴᠠᢈᠢᠮᠵᠢᠭᠰᠠᠨ ᠲᠠᠯᠠᠭᠠᠷᢈᠢ ᠮᠡᠳᠡᢉᠡᠯᠡᠯ ᠢ᠋ ᠪᠦᠷᠢᠨ ᢉᠦᠢᠴᠡᠳ ᠠᠪᠤᠭᠠ ᠦᢉᠡᠢ ᠪᠠᠶᠢᠨᠠ᠃ ᠡᠨᠡ ᠲᠠᠯᠠᠭᠠᠷ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠤ᠋ᠨ ᠳᠠᠷᠤᠭᠠ ᠶ᠋ᠢᠨ ᠠᠯᠪᠠᠨ ᠡᢉᠦᠷᢉᠡ ᠶ᠋ᠢ ᠲᠦᠷ ᠣᠷᠤᠯᠠᠨ ᢉᠦᠢᠴᠡᠳᢈᠡᢉᠴᠢ ᠤ᠂ ᠪᠣᠯᠤᠳᢈᠦ᠋ᠦ᠂ “ᠢ-ᠮᠣᠩᠭᠤᠯ ᠠᠻᠠᠳ᠋ᠧᠮᠢ” ᠤᠲᠤᠭ- ᠤ᠋ᠨ ᠵᠠᢈᠢᠷᠤᠯ ᠪᠠ᠂ ᠮᠢᠭᠮᠠᠷᠨᠠᠷᠠᠨ᠂ ᠰᠤᠷᠭᠠᠯᠲᠠ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠳᠠᠷᠤᠭᠠ ᠨᠠ᠂ ᠲᠥᠷᠦᠪᠠᠲᠤ ᠬᠣᠯᠪᠤᠭᠳᠠᠬᠤ ᠠᠯᠪᠠᠨ ᠤ᠋ ᠤᠳᠤᠷᠢᠳᠤᠯᠭᠠ ᠪᠣᠯᠤᠨ ᠠᠯᠪᠠᠨ ᠬᠠᠭᠠᠭᠴᠢ ᠳ᠋ᠤ ᠰᠠᠨᠠᠯ ᠰᠣᠯᠢᠯᠴᠠᠵᠤ ᠴᠠᠭᠠᠰᠢᠳᠠ ᠬᠠᠮᠲᠤ ᠶ᠋ᠢᠨ ᠠᠵᠢᠯᠯᠠᠭᠠ ᠪᠠᠨ ᠰᠠᠶᠢᠵᠢᠷᠠᠭᠤᠯᠬᠤ᠂ ᠢᠷᢉᠡᠳ ᠲᠦ ᠱᠠᠭᠠᠷᠳᠠᠯᠭᠠᠲᠠᠢ ᠦᠢᠯᠡᠴᠢᠯᠡᢉᠡ ᠪᠡᠨ ᢈᠡᠷᢈᠢᠨ ᠨᠡᠮᠡᢉᠳᠡᢉᠦᠯᢈᠦ᠂ ᠴᠠᢈᠢᠮᠵᠢᠭᠰᠠᠨ ᠨᠡᠶᠢᠲᠡ ᠦᠢᠯᠡᠴᠢᠯᠡᢉᠡᠨ ᠦ᠋ ᠬᠠᠨᠳᠤᠯᠲᠠ ᠪᠠᠭᠠ ᠪᠤᠶᠤ ᠢᠷᢉᠡᠳ ᠦ᠋ᠨ ᠮᠡᠳᠡᠳᠡᢉ ᠦᢉᠡᠢ ᠦᠶᠢᠯᠡᠴᠢᠯᠡᢉᠡ ᠨᠦ᠋ᢉᠦᠳ ᠢ᠋ ᠲᠠᠨᠢᠭᠤᠯᠬᠤ ᠰᠠᠨᠠᠯ ᠳ᠋ᠦᠩᠨᠡᠯᠲᠡ ᠨᠦ᠋ᢉᠦᠳ ᠢ᠋ ᠭᠠᠷᠭᠠᠬᠤ ᠠᠭᠤᠯᠵᠠᠯᠲᠠ ᠶ᠋ᠢ ᠥᠨᠦᠳᠦᠷ /᠒᠐᠒᠕᠂᠐᠑᠂᠒᠔/ ᠦᠪᠧᢉ- ᠤ᠋ᠨ ᠬᠤᠷᠠᠯ ᠤ᠋ᠨ ᠲᠠᠩᢈᠢᠮ ᠳ᠋ᠤ ᠵᠣᢈᠢᠶᠠᠨ ᠪᠠᠶᠢᠭᠤᠯᠤᠯᠠ᠃ ᠴᠠᠭᠠᠰᠢᠳᠠ ᠪᠠᠨ ᠪᠤᠰᠤᠳ ᠲᠥᠷᠦ ᠶ᠋ᠢᠨ ᠪᠣᠯᠤᠨ ᠲᠥᠷᠦ ᠶ᠋ᠢᠨ ᠪᠤᠰᠤ ᠪᠠᠶᠢᠭᠤᠯᠤᠯᠭᠠ ᠨᠤᠭᠤᠳ ᠲᠠᠢ ᠬᠠᠮᠲᠤ ᠶ᠋ᠢᠨ ᠠᠵᠢᠯᠯᠠᠭᠠ ᠶ᠋ᠢ ᠪᠡᢈᠢᠵᠢᢉᠦᠯᢈᠦ ᠠᠭᠤᠯᠵᠠᠯᠲᠠ ᠶ᠋ᠢ ᠱᠠᠲᠤ ᠳᠠᠷᠠᠭᠠ ᠲᠠᠢ ᠪᠠᠷ ᢈᠢᠵᠦ ᠢᠷᢉᠡᠳ ᠲᠦ ᠢᠯᠡᢉᠦᠦ ᢈᠦᠷᠲᠡᢉᠡᠮᠵᠢᠲᠡᠢ᠂ ᢈᠢᠯᠪᠠᠷ ᠪᠠᠶᠢᠳᠠᠯ ᠢ᠋ ᠨᠡᠮᠡᢉᠳᠡᢉᠦᠯᠦᢉᠰᠡᢉᠡᠷ ᠪᠠᠶᠢᠬᠤ ᠶᠤᠮ᠃