2025 ᠣᠨ ᠤ᠋ 2 ᠳ᠋ᠤᠭᠠᠷ ᠰᠠᠷᠠ ᠶ᠋ᠢᠨ 20- ᠶ᠋ᠢᠨ ᠡᠳᠦᠷ ᠦ᠋ᠨ 15:00 ᠴᠠᠭ ᠤ᠋ᠨ ᠪᠠᠶᠢᠳᠠᠯ ᠢ᠋ᠶᠠᠷ E-Mongolia ᠰᠢᠰᠲ᠋ᠧᠮ ᠢ᠋ᠶᠡᠷ 81᠂584 ᠢᠷᢉᠡᠨ ᠰᠠᠨᠠᠯ ᠢ᠋ᠶᠠᠨ ᠥᢉᠴᠡᠢ᠃ ᠡᢉᠦᠨ ᠳ᠋ᠦ:
• ᠨᠣᠭᠳᠠᠯ ᠠᠰᠢᠭ ᠢ᠋ᠶᠠᠨ ᠪᠠᠩᠻᠢ ᠶ᠋ᠢᠨ ᠳᠠᠩᠰᠠᠨ ᠳ᠋ᠤ ᠰᠢᠭᠤᠳ ᠰᠢᠯᠵᠢᢉᠦᠯᠦᠨ ᠠᠪᠬᠤ ᢈᠦᠰᠡᠯᠲᠡ ᠭᠠᠷᠭᠠᠭᠰᠠᠨ ᠢᠷᢉᠡᠳ ᠦ᠋ᠨ ᠲᠣᠭᠠ 81᠂070 ᠢᠷᢉᠡᠨ᠂
• ᠬᠤᠷᠠᠮᠲᠤᠯᠠᠯ ᠤ᠋ᠨ ᠰᠠᠩ ᠪᠤᠶᠤ ᠢᠷᠡᢉᠡᠳᠦᠢ ᠳ᠋ᠦ ᢈᠡᠷᠡᢉᠯᠡᢈᠦ ᠵᠣᠷᠢᠯᠭᠠ ᠪᠠᠷ ᠬᠤᠷᠠᠮᠲᠤᠯᠠᠭᠤᠯᠵᠤ ᠬᠠᠳᠠᠭᠠᠯᠠᠬᠤ ᠡᠰᠡᠪᠡᠯ ᠪᠠᠶᠠᠯᠢᠭ ᠤ᠋ᠨ ᠰᠠᠩ ᠤ᠋ᠨ ᠠᠭᠤᠯᠭᠠ ᠪᠠᠷ ᠬᠠᠳᠠᠭᠠᠯᠠᠬᠤ ᢉᠡᠰᠡᠨ ᠰᠣᠩᠭᠤᠯᠲᠠ ᢈᠢᢉᠰᠡᠨ 3᠂282 ᠢᠷᢉᠡᠨ᠂
• ᠬᠠᠨᠳᠢᠪ ᠪᠤᠶᠤ ᠨᠡᠶᠢᢉᠡᠮ ᠦ᠋ᠨ ᠰᠠᠶᠢᠨ ᠦᠢᠯᠡᠰ ᠪᠣᠯᠤᠨ ᠲᠥᠰᠦᠯ᠂ ᠰᠠᠩ ᠳ᠋ᠤ ᠬᠠᠨᠳᠢᠪᠯᠠᠬᠤ ᢈᠦᠰᠡᠯᠲᠡ ᠭᠠᠷᠭᠠᠭᠰᠠᠨ 207 ᠢᠷᢉᠡᠨ ᠰᠠᠨᠠᠯ ᠢ᠋ᠶᠠᠨ ᠲᠤᠰ ᠲᠤᠰ ᠢᠯᠡᢉᠡᢉᠰᠡᠨ ᠪᠠᠶᠢᠨᠠ᠃
ᠡᠨᠡ ᢈᠦ ᠰᠠᠨᠠᠯ ᠠᠪᠬᠤ ᠠᠵᠢᠯᠯᠠᠭᠠ 2025 ᠣᠨ ᠤ᠋ 2 ᠳ᠋ᠤᠭᠠᠷ ᠰᠠᠷᠠ ᠶ᠋ᠢᠨ 26-ᠨ ᠤ᠋ ᠡᠳᠦᠷ ᠢ᠋ ᠳᠠᠭᠤᠰᠲᠠᠯᠠ ᠦᠷᢉᠦᠯᠵᠢᠯᠡᢈᠦ ᠪᠥᢉᠡᠳ ᠡᠨᠡ ᠬᠤᠭᠤᠴᠠᠭᠠᠨ ᠳ᠋ᠤ ᠢᠷᢉᠡᠳ ᠰᠠᠨᠠᠯ ᠢ᠋ᠶᠠᠨ ᠳᠠᢈᠢᠨ ᠵᠠᠰᠠᠪᠤᠷᠢᠯᠠᠬᠤ ᠪᠣᠯᠤᠮᠵᠢ ᠲᠠᠢ᠃ ᠰᠠᠨᠠᠯ ᠥᢉᢉᠦᢉᠡ ᠦᢉᠡᠢ ᠢᠷᢉᠡᠳ ᠦ᠋ᠨ ᠨᠣᠭᠳᠠᠯ ᠠᠰᠢᠭ ᠠᠦ᠋ᠲ᠋ᠣᠮᠠᠲ ᠢ᠋ᠶᠠᠷ ᠪᠠᠩᠻᠢ ᠶ᠋ᠢᠨ ᠳᠠᠩᠰᠠᠨ ᠳ᠋ᠤ ᠰᠢᠯᠵᠢᢉᠳᠡᢈᠦ ᠪᠣᠯᠤᠨᠠ᠃