E-Mongolia ᠰᠢᠰᠲ᠋ᠧᠮ ᠢ᠋ᠶᠡᠷ “ᠡᠷᠳᠡᠨᠢᠰ ᠲᠠᠪᠤᠨᠲᠤᠯᠤᠭᠠᠢ” ᠬᠻ-ᠡᠶᠢᠨ 1072 ᠰᠢᠷᢈᠡᢉ ᠬᠤᠪᠢᠴᠠᠭᠠᠨ ᠤ᠋ ᠨᠣᠭᠳᠠᠯ ᠠᠰᠢᠭᠲᠤ ᠰᠠᠨᠠᠯ ᠥᢉᢈᠦ ᠦᠶᠢᠯᠡ ᠶᠠᠪᠤᠴᠠ ᠦᠷᢉᠦᠯᠵᠢᠯᠡᠵᠦ ᠪᠠᠶᠢᠨ᠎ᠠ᠃


2025 ᠣᠨ ᠤ᠋ 2 ᠳ᠋ᠤᠭᠠᠷ ᠰᠠᠷ᠎ᠠ ᠶ᠋ᠢᠨ 24-ᠨᠢ ᠡᠳᠦᠷ ᠦ᠋ᠨ 12:00 ᠴᠠᠭ ᠤ᠋ᠨ ᠪᠠᠶᠢᠳᠠᠯ ᠢ᠋ᠶᠠᠷ E-Mongolia ᠰᠢᠰᠲ᠋ᠧᠮ ᠢ᠋ᠶᠡᠷ 400᠂232 ᠢᠷᢉᠡᠨ ᠰᠠᠨᠠᠯ ᠢ᠋ᠶᠠᠨ ᠥᢉᠴᠡᠢ᠃  ᠡᢉᠦᠨ ᠳ᠋ᠦ:
• ᠨᠣᠭᠳᠠᠯ ᠠᠰᠢᠭ ᠢ᠋ᠶᠠᠨ ᠪᠠᠩᠻᠢ ᠶ᠋ᠢᠨ ᠳᠠᠩᠰᠠᠨ ᠳ᠋ᠤ ᠰᠢᠭᠤᠳ ᠰᠢᠯᠵᠢᢉᠦᠯᠦᠨ ᠠᠪᠬᠤ ᢈᠦᠰᠡᠯᠲᠡ ᠭᠠᠷᠭᠠᠭᠰᠠᠨ ᠢᠷᢉᠡᠳ ᠦ᠋ᠨ ᠲᠣᠭ᠎ᠠ 379᠂950 ᠢᠷᢉᠡᠨ᠂
• ᠬᠤᠷᠠᠮᠲᠤᠯᠠᠯ ᠤ᠋ᠨ ᠰᠠᠩ ᠪᠤᠶᠤ ᠢᠷᠡᢉᠡᠳᠦᠢ ᠳ᠋ᠦ ᢈᠡᠷᠡᢉᠯᠡᢈᠦ ᠵᠣᠷᠢᠯᠭ᠎ᠠ ᠪᠠᠷ ᠬᠤᠷᠠᠮᠲᠤᠯᠠᠭᠤᠯᠵᠤ ᠬᠠᠳᠠᠭᠠᠯᠠᠬᠤ ᠡᠰᠡᠪᠡᠯ ᠪᠠᠶᠠᠯᠢᠭ ᠤ᠋ᠨ ᠰᠠᠩ ᠤ᠋ᠨ ᠠᠭᠤᠯᠭ᠎ᠠ ᠪᠠᠷ ᠬᠠᠳᠠᠭᠠᠯᠠᠬᠤ ᢉᠡᠰᠡᠨ ᠰᠣᠩᠭᠤᠯᠲᠠ ᢈᠢᢉᠰᠡᠨ 19᠂154 ᠢᠷᢉᠡᠨ᠂
• ᠬᠠᠨᠳᠢᠪ ᠪᠤᠶᠤ ᠨᠡᠶᠢᢉᠡᠮ ᠦ᠋ᠨ ᠰᠠᠶᠢᠨ ᠦᠢᠯᠡᠰ ᠪᠣᠯᠤᠨ ᠲᠥᠰᠦᠯ᠂ ᠰᠠᠩ ᠳ᠋ᠤ ᠬᠠᠨᠳᠢᠪᠯᠠᠬᠤ ᢈᠦᠰᠡᠯᠲᠡ ᠭᠠᠷᠭᠠᠭᠰᠠᠨ 1᠂128 ᠢᠷᢉᠡᠨ ᠰᠠᠨᠠᠯ ᠢ᠋ᠶᠠᠨ ᠲᠤᠰ ᠲᠤᠰ ᠢᠯᠡᢉᠡᢉᠰᠡᠨ ᠪᠠᠶᠢᠨ᠎ᠠ᠃ ᠡᠨᠡ ᢈᠦ ᠰᠠᠨᠠᠯ ᠠᠪᠬᠤ ᠠᠵᠢᠯᠯᠠᠭ᠎ᠠ 2025 ᠣᠨ ᠤ᠋ 2 ᠳ᠋ᠤᠭᠠᠷ ᠰᠠᠷ᠎ᠠ ᠶ᠋ᠢᠨ 26-ᠨ ᠤ᠋ ᠡᠳᠦᠷ ᠢ᠋ ᠳᠠᠭᠤᠰᠲᠠᠯ᠎ᠠ ᠦᠷᢉᠦᠯᠵᠢᠯᠡᢈᠦ ᠪᠥᢉᠡᠳ ᠡᠨᠡ ᠬᠤᠭᠤᠴᠠᠭᠠᠨ ᠳ᠋ᠤ ᠢᠷᢉᠡᠳ ᠰᠠᠨᠠᠯ ᠢ᠋ᠶᠠᠨ ᠳᠠᢈᠢᠨ ᠵᠠᠰᠠᠪᠤᠷᠢᠯᠠᠬᠤ ᠪᠣᠯᠤᠮᠵᠢ ᠲᠠᠢ᠃ ᠰᠠᠨᠠᠯ ᠥᢉᢉᠦᢉᠡ ᠦᢉᠡᠢ ᠢᠷᢉᠡᠳ ᠦ᠋ᠨ ᠨᠣᠭᠳᠠᠯ ᠠᠰᠢᠭ ᠠᠦ᠋ᠲ᠋ᠣᠮᠠᠲ ᠢ᠋ᠶᠠᠷ ᠪᠠᠩᠻᠢ ᠶ᠋ᠢᠨ ᠳᠠᠩᠰᠠᠨ ᠳ᠋ᠤ ᠰᠢᠯᠵᠢᢉᠳᠡᢈᠦ ᠪᠣᠯᠤᠨ᠎ᠠ᠃

ᠨᠡᠶᠢᠲᠡᠯᠡᠭᠰᠡᠨ᠄