ᠣᠶᠤᠲᠠᠨ ᠴᠡᠷᠢᢉ ᠦ᠋ᠨ ᠪᠦᠷᠢᠳᢈᠡᠯ 2024 ᠣᠨ ᠤ᠋ 3 ᠳ᠋ᠤᠭᠠᠷ ᠰᠠᠷ᠎ᠠ ᠶ᠋ᠢᠨ 1-ᠨᠢᢉᠡ ᠡᠳᠦᠷ ᠡᠴᠡ ᠡᢈᠢᠯᠡᠨ᠎ᠡ


ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᢈᠦᠰᠡᠯᠲᠡ ᠶ᠋ᠢ 03 ᠳ᠋ᠤᠭᠠᠷ ᠰᠠᠷ᠎ᠠ ᠶ᠋ᠢᠨ 01- ᠶ᠋ᠢᠨ ᠡᠳᠦᠷ ᠦ᠋ᠨ 09:00 ᠴᠠᠭ ᠠ᠋ᠴᠠ 03 ᠳ᠋ᠤᠭᠠᠷ ᠰᠠᠷ᠎ᠠ ᠶ᠋ᠢᠨ 10-ᠨ ᠤ᠋ ᠡᠳᠦᠷ ᠦ᠋ᠨ 17:00 ᠴᠠᠭ ᠤ᠋ᠨ ᠬᠣᠭᠤᠷᠤᠨᠳᠤ E-Mongolia ᠰᠢᠰᠲ᠋ᠧᠮ ᠢ᠋ᠶᠡᠷ ᢈᠦᠯᠢᠶᠡᠨ ᠠᠪᠤᠨ᠎ᠠ᠃

ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ 2017 ᠣᠨ ᠤ᠋ 1 ᠰᠠᠷ᠎ᠠ ᠶ᠋ᠢᠨ 25-ᠨᠢ ᠡᠳᠦᠷ ᠦ᠋ᠨ 32 ᠳ᠋ᠤᠭᠠᠷ ᠲᠣᠭᠲᠠᠭᠠᠯ ᠢ᠋ᠶᠠᠷ ᠪᠠᠲᠤᠯᠠᠭᠳᠠᠭᠰᠠᠨ “ᠣᠶᠤᠲᠠᠨ-ᠴᠡᠷᠢᢉ”-ᠲᠥ ᠴᠡᠷᠢᢉ ᠦ᠋ᠨ ᠮᠡᠷᢉᠡᠵᠢᠯ ᠣᠯᠭᠠᠬᠤ ᠵᠢᠷᠤᠮ” ᠰᠢᠨᠡᠴᠢᠯᠡᢉᠳᠡᢉᠰᠡᠨ ᠦ᠋ ᠳᠠᠭᠠᠭᠤ ᢈᠦᠰᠡᠯᠲᠡ ᠢᠯᠡᢉᠡᠵᠦ ᠪᠤᠢ ᠣᠶᠤᠲᠠᠨ ᠨᠤᠭᠤᠳ ᠳᠠᠷᠠᠭᠠᢈᠢ ᠱᠠᠭᠠᠷᠳᠠᠯᠭ᠎ᠠ ᠨᠤᠭᠤᠳ ᠢ᠋ ᠬᠠᠩᠭᠠᠭᠰᠠᠨ ᠪᠠᠶᠢᠬᠤ ᠶᠣᠰᠤᠲᠠᠢ᠃  ᠡᢉᠦᠨ ᠳ᠋ᠦ:

  • ᠮᠣᠩᠭᠣᠯ ᠤᠯᠤᠰ ᠤ᠋ᠨ ᢈᠡᠮᠵᠢᠶᠡᠨ ᠳ᠋ᠦ ᠦᠢᠯᠡ ᠠᠵᠢᠯᠯᠠᠭ᠎ᠠ ᠶᠠᠪᠤᠭᠤᠯᠵᠤ ᠪᠤᠢ ᠮᠠᠭᠠᠳᠯᠠᠨ ᠢᠲᠡᢉᠡᠮᠵᠢᠯᠡᢉᠳᠡᢉᠰᠡᠨ ᠶᠡᢈᠡ ᠰᠤᠷᠭᠠᠭᠤᠯᠢ᠂ ᠻᠣᠯᠯᠧᠵᠢ ᠶ᠋ᠢᠨ 1᠂ 2᠂ 3-ᠷ ᠳᠠᠮᠵᠢᠶᠠᠨ ᠤ᠋ ᠣᠶᠤᠲᠠᠨ ᠪᠠᠶᠢᠬᠤ;
  • ᠰᠤᠷᠤᠯᠭ᠎ᠠ ᠶ᠋ᠢᠨ ᠭᠣᠣᠯᠴᠢ ᠳ᠋ᠦᠩ 2᠂8- ᠠ᠋ᠴᠠ ᠳᠡᢉᠡᢉᠰᠢ ᠪᠠᠶᠢᠬᠤ;
  • 2025 ᠣᠨ ᠤ᠋ 06 ᠳ᠋ᠤᠭᠠᠷ ᠰᠠᠷ᠎ᠠ ᠶ᠋ᠢᠨ 15-ᠨ ᠤ᠋ ᠡᠳᠦᠷ ᠡᠴᠡ ᠡᠮᠦᠨ᠎ᠡ 18 ᠨᠠᠰᠤ ᢈᠦᠷᠦᢉᠰᠡᠨ ᠪᠠᠶᠢᠬᠤ;
  • ᠡᠷᠡᢉᠦᠯ ᠮᠡᠨᠳᠦ ᠶ᠋ᠢᠨ ᠳᠠᠭᠠᠳᠬᠠᠯ ᠲᠥᠯᠦᢉᠰᠡᠨ ᠪᠠᠶᠢᠬᠤ ᠵᠡᠷᢉᠡ ᠪᠠᠭᠲᠠᠨ᠎ᠠ᠃

ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᢈᠦᠰᠡᠯᠲᠡ ᠶ᠋ᠢ 03 ᠳ᠋ᠤᠭᠠᠷ ᠰᠠᠷ᠎ᠠ ᠶ᠋ᠢᠨ 11-ᠨᠢ ᠡᠳᠦᠷ ᠡᠴᠡ 03 ᠳ᠋ᠤᠭᠠᠷ ᠰᠠᠷ᠎ᠠ ᠶ᠋ᠢᠨ 17-ᠨ ᠤ᠋ ᠡᠳᠦᠷ ᠦ᠋ᠳ ᠲᠦ ᠪᠠᠲᠤᠯᠠᠨ ᠬᠠᠮᠠᠭᠠᠯᠠᠬᠤ ᠶᠠᠮᠤᠨ ᠰᠢᠢᠳᠪᠦᠷᠢᠯᠡᠵᠦ᠂ ᢈᠦᠰᠡᠯᠲᠡ ᠶ᠋ᠢᠨ ᠬᠠᠷᠢᠭᠤ ᠶ᠋ᠢ ᠢ-ᠮᠧᠶᠢᠯ ᠬᠠᠶᠢᠭ ᠪᠣᠯᠤᠨ E-Mongolia ᠰᠢᠰᠲ᠋ᠧᠮ ᠢ᠋ᠶᠡᠷ ᢈᠦᠷᢈᠡᢉᠦᠯᠦᠨ᠎ᠡ᠃  ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᠲᠠᠯᠠᠭᠠᠷ ᠮᠡᠳᠡᢉᠡᠯᠡᠯ ᠠᠪᠬᠤ ᠪᠣᠯᠤᠨ ᢈᠦᠰᠡᠯᠲᠡ ᠶ᠋ᠢᠨ ᠬᠠᠷᠢᠭᠤ ᠲᠠᠢ ᠬᠣᠯᠪᠤᠭ᠎ᠠ ᠲᠠᠢ ᠠᠰᠠᠭᠤᠳᠠᠯ ᠢ᠋ ᠪᠠᠲᠤᠯᠠᠨ ᠬᠠᠮᠠᠭᠠᠯᠠᠬᠤ ᠶᠠᠮᠤᠨ ᠤ᠋ 18001144 ᠪᠣᠯᠤᠨ “ᠪᠣᠯᠪᠠᠰᠤᠷᠠᠯ ᠤ᠋ᠨ ᠮᠡᠳᠡᢉᠡᠯᠡᠯ ᠦ᠋ᠨ ᠲᠧᠻᠨᠤᠯᠤᢉᠢ ᠶ᠋ᠢᠨ ᠲᠥᠪ” ᠤᠲᠤᠭ- ᠤ᠋ᠨ 75772727 ᠤᠲᠠᠰᠤ ᠪᠠᠷ ᠲᠣᠳᠤᠷᠠᠭᠤᠯᠤᠨ᠎ᠠ ᠤᠤ!

ᠨᠡᠶᠢᠲᠡᠯᠡᠭᠰᠡᠨ᠄