1᠃ ᠣᠶᠤᠲᠠᠨ ᠴᠡᠷᠢᢉ ᠦ᠋ᠨ ᠪᠦᠷᠢᠳᢈᠡᠯ 2024 ᠣᠨ ᠤ᠋ 3 ᠳ᠋ᠤᠭᠠᠷ ᠰᠠᠷᠠ ᠶ᠋ᠢᠨ 1-ᠨᠢᢉᠡ ᠡᠳᠦᠷ ᠡᠴᠡ ᠡᢈᠢᠯᠡᠨᠡ
ᠣᠶᠤᠲᠠᠨ ᠴᠡᠷᠢᢉ ᠦ᠋ᠨ ᠠᠩᠬᠠᠨ ᠱᠠᠲᠤᠨ ᠤ᠋ ᠪᠦᠷᠢᠳᢈᠡᠯ ᠦ᠋ᠨ ᢈᠦᠰᠡᠯᠲᠡ ᠶ᠋ᠢ 03 ᠳ᠋ᠤᠭᠠᠷ ᠰᠠᠷᠠ ᠶ᠋ᠢᠨ 01- ᠶ᠋ᠢᠨ ᠡᠳᠦᠷ ᠦ᠋ᠨ 09:00 ᠴᠠᠭ ᠠ᠋ᠴᠠ 03 ᠳ᠋ᠤᠭᠠᠷ ᠰᠠᠷᠠ ᠶ᠋ᠢᠨ 10-ᠨ ᠤ᠋ ᠡᠳᠦᠷ ᠦ᠋ᠨ 17:00 ᠴᠠᠭ ᠤ᠋ᠨ ᠬᠣᠭᠤᠷᠤᠨᠳᠤ E-Mongolia ᠰᠢᠰᠲ᠋ᠧᠮ ᠢ᠋ᠶᠡᠷ ᢈᠦᠯᠢᠶᠡᠨ ᠠᠪᠤᠨᠠ᠃ “ᠣᠶᠤᠲᠠᠨ-ᠴᠡᠷᠢᢉ”-ᠲᠥ ᠴᠡᠷᠢᢉ ᠦ᠋ᠨ ᠮᠡᠷᢉᠡᠵᠢᠯ ᠣᠯᠭᠠᠬᠤ ᠵᠢᠷᠤᠮ” ᠰᠢᠨᠡᠴᠢᠯᠡᢉᠳᠡᢉᠰᠡᠨ ᠦ᠋ ᠳᠠᠭᠠᠭᠤ ᢈᠦᠰᠡᠯᠲᠡ ᠢᠯᠡᢉᠡᠵᠦ ᠪᠤᠢ ᠣᠶᠤᠲᠠᠨ ᠨᠤᠭᠤᠳ ᠳᠠᠷᠠᠭᠠᢈᠢ ᠱᠠᠭᠠᠷᠳᠠᠯᠭᠠ ᠨᠤᠭᠤᠳ ᠢ᠋ ᠬᠠᠩᠭᠠᠭᠰᠠᠨ ᠪᠠᠶᠢᠬᠤ ᠶᠣᠰᠤᠲᠠᠢ᠃ ᠡᢉᠦᠨ ᠳ᠋ᠦ:
- ᠮᠣᠩᠭᠣᠯ ᠤᠯᠤᠰ ᠤ᠋ᠨ ᢈᠡᠮᠵᠢᠶᠡᠨ ᠳ᠋ᠦ ᠦᠢᠯᠡ ᠠᠵᠢᠯᠯᠠᠭᠠ ᠶᠠᠪᠤᠭᠤᠯᠵᠤ ᠪᠤᠢ ᠮᠠᠭᠠᠳᠯᠠᠨ ᠢᠲᠡᢉᠡᠮᠵᠢᠯᠡᢉᠳᠡᢉᠰᠡᠨ ᠶᠡᢈᠡ ᠰᠤᠷᠭᠠᠭᠤᠯᠢ᠂ ᠻᠣᠯᠯᠧᠵᠢ ᠶ᠋ᠢᠨ 1᠂ 2᠂ 3-ᠷ ᠳᠠᠮᠵᠢᠶᠠᠨ ᠤ᠋ ᠣᠶᠤᠲᠠᠨ ᠪᠠᠶᠢᠬᠤ;
- ᠰᠤᠷᠤᠯᠭᠠ ᠶ᠋ᠢᠨ ᠭᠣᠣᠯᠴᠢ ᠳ᠋ᠦᠩ 2᠂8- ᠠ᠋ᠴᠠ ᠳᠡᢉᠡᢉᠰᠢ ᠪᠠᠶᠢᠬᠤ;
- 2025 ᠣᠨ ᠤ᠋ 06 ᠳ᠋ᠤᠭᠠᠷ ᠰᠠᠷᠠ ᠶ᠋ᠢᠨ 15-ᠨ ᠤ᠋ ᠡᠳᠦᠷ ᠡᠴᠡ ᠡᠮᠦᠨᠡ 18 ᠨᠠᠰᠤ ᢈᠦᠷᠦᢉᠰᠡᠨ ᠪᠠᠶᠢᠬᠤ;
ᠡᠷᠡᢉᠦᠯ ᠮᠡᠨᠳᠦ ᠶ᠋ᠢᠨ ᠳᠠᠭᠠᠳᠬᠠᠯ ᠲᠥᠯᠦᢉᠰᠡᠨ ᠪᠠᠶᠢᠬᠤ ᠵᠡᠷᢉᠡ ᠪᠠᠭᠲᠠᠨᠠ᠃
2᠃ ”ᠡᠷᠳᠡᠨᠢᠰ ᠲᠠᠪᠤᠨᠲᠤᠯᠤᠭᠠᠢ” ᢈᠥᢈᠡ-ᠡᠶᠢᠨ 1072 ᠨᠣᠭᠳᠠᠯ ᠠᠰᠢᠭ ᠤ᠋ᠨ ᠰᠠᠨᠠᠯ ᠬᠤᠷᠢᠶᠠᠯᠲᠠ ᠳᠠᠭᠤᠰᠤᠯᠠ
ᠡᠷᠳᠡᠨᠢᠰ ᠲᠠᠪᠤᠨᠲᠤᠯᠤᠭᠠᠢ ᢈᠢ-ᠨᠢ ᠨᠣᠭᠳᠠᠯ ᠠᠰᠢᠭ ᠢ᠋ᠶᠠᠨ ᠪᠡᠯᠡᠨ ᠮᠥᠩᢉᠦ ᠪᠡᠷ ᠠᠪᠬᠤ ᠤᠤ᠂ ᠬᠤᠷᠠᠮᠲᠤᠯᠠᠭᠤᠯᠬᠤ ᠤᠤ᠂ ᠡᠰᠡᠪᠡᠯ ᠨᠡᠶᠢᢉᠡᠮ ᠦ᠋ᠨ ᠰᠠᠶᠢᠨ ᠰᠠᠶᠢᠬᠠᠨ ᠤ᠋ ᠲᠥᠯᠦᢉᠡ ᠲᠥᠰᠦᠯ ᢈᠥᠲᠦᠯᠪᠦᠷᠢ ᠳ᠋ᠦ ᠵᠠᠷᠤᠴᠠᠭᠤᠯᠬᠤ ᠤᠤ ᢉᠡᠰᠡᠨ ᠰᠣᠩᠭᠤᠯᠲᠠ ᠲᠠᠢ ᠪᠠᠷ ᠰᠠᠨᠠᠯ ᠬᠤᠷᠢᠶᠠᠯᠲᠠ ᠲᠥᠷᠦ ᠶ᠋ᠢᠨ ᠦᠶᠢᠯᠡᠴᠢᠯᠡᢉᠡᠨ ᠦ᠋ ᠨᠢᢉᠡᠳᠦᢉᠰᠡᠨ E-Mongolia ᠰᠢᠰᠲ᠋ᠧᠮ ᠢ᠋ᠶᠡᠷ ᠶᠠᠪᠤᠭᠳᠠᠵᠤ ᠳᠠᠭᠤᠰᠤᠯᠤᠭᠠ᠃ ᠲᠤᠰ ᠰᠠᠨᠠᠯ ᠬᠤᠷᠢᠶᠠᠯᠲᠠ ᠳ᠋ᠤ 505᠂318 ᠢᠷᢉᠡᠨ ᠰᠠᠨᠠᠯ ᠢ᠋ᠶᠠᠨ ᠥᢉᠴᠡᠢ᠃ ᠡᢉᠦᠨ ᠳ᠋ᠦ: ᠨᠣᠭᠳᠠᠯ ᠠᠰᠢᠭ ᠢ᠋ᠶᠠᠨ ᠪᠠᠩᠻᠢ ᠶ᠋ᠢᠨ ᠳᠠᠩᠰᠠᠨ ᠳ᠋ᠤ ᠰᠢᠭᠤᠳ ᠰᠢᠯᠵᠢᢉᠦᠯᠦᠨ ᠠᠪᠬᠤ ᢈᠦᠰᠡᠯᠲᠡ ᠭᠠᠷᠭᠠᠭᠰᠠᠨ ᠢᠷᢉᠡᠳ ᠦ᠋ᠨ ᠲᠣᠭᠠ: 95᠂35% ᠪᠤᠶᠤ 481᠂809 ᠢᠷᢉᠡᠨ᠃ ᠬᠤᠷᠠᠮᠲᠤᠯᠠᠯ ᠤ᠋ᠨ ᠰᠠᠩ ᠪᠤᠶᠤ ᠢᠷᠡᢉᠡᠳᠦᠢ ᠳ᠋ᠦ ᢈᠡᠷᠡᢉᠯᠡᢈᠦ ᠵᠣᠷᠢᠯᠭᠠ ᠪᠠᠷ ᠬᠤᠷᠠᠮᠲᠤᠯᠠᠭᠤᠯᠵᠤ ᠬᠠᠳᠠᠭᠠᠯᠠᠬᠤ ᠡᠰᠡᠪᠡᠯ ᠪᠠᠶᠠᠯᠢᠭ ᠤ᠋ᠨ ᠰᠠᠩ ᠤ᠋ᠨ ᠠᠭᠤᠯᠭᠠ ᠪᠠᠷ ᠬᠠᠳᠠᠭᠠᠯᠠᠬᠤ ᠰᠣᠩᠭᠤᠯᠲᠠ ᢈᠢᢉᠰᠡᠨ ᠢᠷᢉᠡᠳ ᠦ᠋ᠨ ᠲᠣᠭᠠ: 4᠂40% ᠪᠤᠶᠤ 22᠂242 ᠢᠷᢉᠡᠨ᠃ ᠬᠠᠨᠳᠢᠪ ᠪᠤᠶᠤ ᠨᠡᠶᠢᢉᠡᠮ ᠦ᠋ᠨ ᠰᠠᠶᠢᠨ ᠦᠢᠯᠡᠰ ᠪᠣᠯᠤᠨ ᠲᠥᠰᠦᠯ᠂ ᠰᠠᠩ ᠳ᠋ᠤ ᠬᠠᠨᠳᠢᠪᠯᠠᠬᠤ ᢈᠦᠰᠡᠯᠲᠡ ᠭᠠᠷᠭᠠᠭᠰᠠᠨ ᠢᠷᢉᠡᠳ ᠦ᠋ᠨ ᠲᠣᠭᠠ: 0᠂25% ᠪᠤᠶᠤ 1᠂267 ᠢᠷᢉᠡᠨ ᠲᠤᠰ ᠲᠤᠰ ᠰᠠᠨᠠᠯ ᠢ᠋ᠶᠠᠨ ᠢᠯᠡᢉᠡᢉᠰᠡᠨ ᠪᠠᠶᠢᠨᠠ᠃
3᠃ Mᠣᠩᠭᠤᠯ ᠤᠯᠤᠰ ᠤ᠋ᠨ 21 ᠠᠶᠢᠮᠠᠭ ᠤ᠋ᠳ E-Mongolia ᠰᠢᠰᠲ᠋ᠧᠮ ᠢ᠋ ᠢᠳᠡᠪᢈᠢᠲᠡᠢ ᠠᠰᠢᠭᠯᠠᠵᠤ ᠪᠠᠶᠢᠨᠠ!
- ᠠᠷᠤᠬᠠᠩᠭᠠᠢ ᠠᠶᠢᠮᠠᠭ: ᠨᠠᠰᠤᠨ ᠳ᠋ᠤ ᢈᠦᠷᠦᢉᠰᠡᠨ ᠢᠷᢉᠡᠳ ᠦ᠋ᠨ 77᠂4% ᠨᠢ E-Mongolia ᠰᠢᠰᠲ᠋ᠧᠮ ᠢ᠋ ᠠᠰᠢᠭᠯᠠᠵᠤ ᠪᠠᠶᠢᠨᠠ᠃ ᠡᠷᠳᠡᠨᠢᠪᠤᠯᠠᠭᠠᠨ ᠰᠤᠮᠤ ᠬᠠᠮᠤᠭ ᠤ᠋ᠨ ᠣᠯᠠᠨ᠂ 378᠂214 ᠤᠳᠠᠭᠠ ᠴᠠᢈᠢᠮ ᠢ᠋ᠶᠠᠷ ᠦᠢᠯᠡᠴᠢᠯᠡᢉᠡ ᠠᠪᠤᠭᠰᠠᠨ ᠪᠠᠶᠢᠨᠠ᠃
- ᠪᠤᠯᠠᠭᠠᠨ ᠠᠶᠢᠮᠠᠭ: ᠨᠠᠰᠤᠨ ᠳ᠋ᠤ ᢈᠦᠷᠦᢉᠰᠡᠨ ᠢᠷᢉᠡᠳ ᠦ᠋ᠨ 78᠂4% ᠨᠢ E-Mongolia ᠰᠢᠰᠲ᠋ᠧᠮ ᠢ᠋ ᠠᠰᠢᠭᠯᠠᠵᠤ ᠪᠠᠶᠢᠨᠠ᠃ ᠪᠤᠯᠠᠭᠠᠨ ᠰᠤᠮᠤ ᠨᠢ 260᠂605 ᠤᠳᠠᠭᠠ ᠦᠢᠯᠡᠴᠢᠯᠡᢉᠡ ᠠᠪᠴᠤ᠂ ᠲᠡᠷᠢᢉᠦᠯᠡᠵᠦ ᠪᠠᠶᠢᠨᠠ᠃
- ᠪᠠᠶᠠᠩᠬᠣᠩᠭᠤᠷ ᠠᠶᠢᠮᠠᠭ: ᠨᠠᠰᠤᠨ ᠳ᠋ᠤ ᢈᠦᠷᠦᢉᠰᠡᠨ ᠢᠷᢉᠡᠳ ᠦ᠋ᠨ 79% ᠨᠢ E-Mongolia ᠰᠢᠰᠲ᠋ᠧᠮ ᠢ᠋ ᠠᠰᠢᠭᠯᠠᠵᠤ ᠪᠠᠶᠢᠨᠠ᠃ ᠪᠠᠶᠠᠩᠬᠣᠩᠭᠤᠷ ᠰᠤᠮᠤ 642᠂502 ᠤᠳᠠᠭᠠ ᠴᠠᢈᠢᠮ ᠢ᠋ᠶᠠᠷ ᠦᠢᠯᠡᠴᠢᠯᠡᢉᠡ ᠠᠪᠴᠡᠢ᠃