ᠬᠩᢈᠢᠰᠦ᠋ᠰᠦ “ᠢ-ᠮᠣᠩᠭᠤᠯ ᠠᠻᠠᠳ᠋ᠧᠮᠢ” ᠤᠲᠤᠭ -ᠡᠶᠢᠨ ᠪᠦᢈᠦ ᠨᠡᠶᠢᠲᠡ ᠶ᠋ᠢᠨ ᠴᠠᢈᠢᠮ ᠤᠷ᠎ᠠ ᠴᠢᠳᠠᠪᠤᠷᠢ ᠶ᠋ᠢ ᠨᠡᠮᠡᢉᠳᠡᢉᠦᠯᢈᠦ ᠰᠤᠷᠭᠠᠯᠲᠠ ᠶ᠋ᠢᠨ ᢈᠥᠲᠦᠯᠪᠦᠷᠢ ᠶ᠋ᠢ ᠠᠯᠪᠠᠨ ᠶᠣᠰᠤᠭᠠᠷ ᠪᠠᠲᠤᠯᠠᠭᠠᠵᠢᠭᠤᠯᠤᠯ᠎ᠠ


“ᠢ-ᠮᠣᠩᠭᠤᠯ ᠠᠻᠠᠳ᠋ᠧᠮᠢ” ᠤᠲᠤᠭ 2025 ᠣᠨ ᠳ᠋ᠤ ᠪᠠᠶᠢᠭᠤᠯᠤᠯᠭ᠎ᠠ ᠶ᠋ᠢᠨ ᠢ᠋ᠶᠠᠨ ᠠᠯᠪᠠᠨ ᠬᠠᠭᠠᠭᠴᠢᠳ ᠤ᠋ᠨ ᠮᠡᠳᠡᠯᢉᠡ᠂ ᠤᠷ᠎ᠠ ᠴᠢᠳᠠᠪᠤᠷᠢ ᠶ᠋ᠢ ᠳᠡᢉᠡᢉᠰᠢᠯᠡᢉᠦᠯᢈᠦ᠂ ᠮᠡᠷᢉᠡᠵᠢᠯ ᠦ᠋ᠨ ᢈᠥᢉᠵᠢᠯ ᠳ᠋ᠦ ᠬᠤᠪᠢ ᠨᠡᠮᠡᠷᠢ ᠣᠷᠤᠭᠤᠯᠬᠤ ᠵᠣᠷᠢᠯᠭ᠎ᠠ ᠪᠠᠷ ᠰᠤᠷᠭᠠᠯᠲᠠ᠂ ᠦᠢᠯᠡ ᠠᠵᠢᠯᠯᠠᠭ᠎ᠠ ᠶ᠋ᠢ ᠵᠣᢈᠢᠶᠠᠨ ᠪᠠᠶᠢᠭᠤᠯᠵᠤ ᠪᠠᠶᠢᠨ᠎ᠠ᠃  ᠰᠤᠷᠭᠠᠯᠲᠠ᠂ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤ᠋ᠨ ᠰᠤᠷᠭᠠᠯᠲᠠ ᠶ᠋ᠢᠨ ᢈᠡᠯᠲᠡᠰ ᠦ᠋ᠨ ᠮᠡᠷᢉᠡᠵᠢᠯᠲᠡᠨ ᠨᠦ᠋ᢉᠦᠳ᠂ ᠰᠤᠷᠭᠠᠭᠴᠢ ᠪᠠᠭᠰᠢ ᠨᠠᠷ ᢉᠡᠷ ᠪᠦᠯᠢ᠂ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤᠨ ᠤ᠋ ᠬᠠᠷᠢᠶ᠎ᠠ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠰᠤᠷᠭᠠᠯᠲᠠ ᠶ᠋ᠢᠨ ᠰᠤᠷᠭᠠᠭᠤᠯᠢ (ᠬᠩᢈᠢᠰᠦ᠋ᠰᠦ)-ᠡᠶᠢᠨ ᠵᠣᢈᠢᠶᠠᠨ ᠪᠠᠶᠢᠭᠤᠯᠤᠭᠰᠠᠨ 14 ᠴᠠᠭ ᠤ᠋ᠨ ᠪᠠᠭᠴᠠ ᠰᠤᠷᠭᠠᠯᠲᠠ ᠳ᠋ᠤ ᠬᠠᠮᠤᠷᠤᠭᠳᠠᠯ᠎ᠠ᠃ ᠡᠨᠡ ᢈᠦ ᠰᠤᠷᠭᠠᠯᠲᠠ ᠨᠢ ᠰᠤᠷᠭᠠᠭᠴᠢ ᠪᠠᠭᠰᠢ ᠨᠠᠷ ᠤ᠋ᠨ ᠵᠢᠭᠠᠬᠤ ᠠᠷᠭ᠎ᠠ ᠵᠦᠢ᠂ ᠠᠷᠭᠠᠴᠢᠯᠠᠯ ᠢ᠋ ᠰᠠᠶᠢᠵᠢᠷᠠᠭᠤᠯᠬᠤ ᠳ᠋ᠤ ᠴᠢᢉᠯᠡᢉᠳᠡᢉᠰᠡᠨ ᠪᠥᢉᠡᠳ ᠠᠮᠵᠢᠯᠲᠠᠲᠠᠢ ᠬᠠᠮᠤᠷᠤᠭᠳᠠᠭᠰᠠᠨ ᠪᠦᢈᠦ ᠠᠯᠪᠠ ᠬᠠᠭᠠᠭᠴᠢ ᠳ᠋ᠤ ᠬᠤᠪᠢ ᠪᠠᠷ ᠢ᠋ᠶᠠᠨ ᠰᠤᠷᠭᠠᠯᠲᠠ ᠵᠣᢈᠢᠶᠠᠨ ᠪᠠᠶᠢᠭᠤᠯᠬᠤ ᠡᠷᢈᠡ ᠲᠡᠢ ᠪᠣᠯᠵᠤ ᠪᠠᠶᠢᠨ᠎ᠠ᠃  ᠮᠥᠨ ᠰᠤᠷᠭᠠᠯᠲᠠ ᠶ᠋ᠢᠨ ᢈᠡᠯᠲᠡᠰ ᠦ᠋ᠨ ᠪᠦᢈᠦ ᠨᠡᠶᠢᠲᠡ ᠶ᠋ᠢᠨ ᠴᠠᢈᠢᠮ ᠤᠷ᠎ᠠ ᠴᠢᠳᠠᠪᠤᠷᠢ ᠶ᠋ᠢ ᠨᠡᠮᠡᢉᠳᠡᢉᠦᠯᢈᠦ ᠰᠤᠷᠭᠠᠯᠲᠠ ᠶ᠋ᠢᠨ ᢈᠥᠲᠦᠯᠪᠦᠷᠢ ᠶ᠋ᠢ ᠠᠯᠪᠠᠨ ᠶᠣᠰᠤᠭᠠᠷ ᠪᠠᠲᠤᠯᠠᠭᠠᠵᠢᠭᠤᠯᠤᠯ᠎ᠠ᠃ ᠤᠭ ᢈᠥᠲᠦᠯᠪᠦᠷᠢ ᠨᠢ ᠢᠷᢉᠡᠳ ᠦ᠋ᠨ ᠴᠠᢈᠢᠮ ᢈᠡᠷᠡᢉᠯᠡᢉᠡᠨ ᠦ᠋ ᠮᠡᠳᠡᠯᢉᠡ᠂ ᠤᠷ᠎ᠠ ᠴᠢᠳᠠᠪᠤᠷᠢ ᠶ᠋ᠢ ᠳᠡᢉᠡᢉᠰᠢᠯᠡᢉᠦᠯᢈᠦ᠂ ᠢᠨ᠋ᠲ᠋ᠧᠷᠨᠧᠲ ᠣᠷᠴᠢᠨ ᠳ᠋ᠤ ᠠᠶᠤᠯ ᠦᢉᠡᠢ ᠪᠠᠶᠢᠳᠠᠯ ᠢ᠋ ᠬᠠᠩᠭᠠᠬᠤ᠂ ᠴᠠᢈᠢᠮ ᠲᠣᠨᠤᠭ ᠲᠥᢈᠦᢉᠡᠷᠦᠮᠵᠢ ᠶ᠋ᠢ ᠦᠷ᠎ᠡ ᠳ᠋ᠦᠩᠲᠡᠢ ᠠᠰᠢᠭᠯᠠᠬᠤ ᠴᠢᠳᠠᠪᠤᠷᠢ ᠶ᠋ᠢ ᢈᠥᢉᠵᠢᢉᠦᠯᢈᠦ ᠳ᠋ᠦ ᠴᠢᢉᠯᠡᢉᠰᠡᠨ᠃  ᠲᠤᠰ ᠰᠤᠷᠭᠠᠯᠲᠠ ᠶ᠋ᠢᠨ ᢈᠦᠷᠢᠶᠡᠨ ᠳ᠋ᠦ ᠢᠷᢉᠡᠳ ᠴᠠᢈᠢᠮ ᠣᠷᠴᠢᠨ ᠤ᠋ ᠡᠷᠦᠰᠳᠡᠯ ᠢ᠋ ᠲᠠᠨᠢᠵᠤ᠂ ᠻᠢᠪᠧᠷ ᠠᠶᠤᠯ ᠦᢉᠡᠢ ᠪᠠᠶᠢᠳᠠᠯ ᠢ᠋ ᠰᠠᢈᠢᠬᠤ᠂ ᠬᠤᠪᠢ ᠶ᠋ᠢᠨ ᠮᠡᠳᠡᢉᠡᠯᠡᠯ ᠢ᠋ᠶᠡᠨ ᠬᠠᠮᠠᠭᠠᠯᠠᠬᠤ᠂ ᠢᠨ᠋ᠲ᠋ᠧᠷᠨᠧᠲ ᠦᠢᠯᠡᠴᠢᠯᠡᢉᠡ᠂ ᠫᠷᠣᠭᠷᠠᠮᠮ ᠬᠠᠩᠭᠠᠮᠵᠢ ᠶ᠋ᠢ ᠵᠥᠪ ᠵᠣᢈᠢᠰᠲᠠᠢ ᠠᠰᠢᠭᠯᠠᠬᠤ ᠲᠠᠯᠠᠭᠠᠷ ᠣᠨᠤᠯ ᠤ᠋ᠨ ᠪᠣᠯᠤᠨ ᠫᠷᠠᠻᠲ᠋ᠢᠭ ᠮᠡᠳᠡᠯᢉᠡ ᠡᠵᠡᠮᠰᠢᢈᠦ ᠪᠣᠯᠤᠮᠵᠢ ᠲᠠᠢ᠃  ᠡᠨᠡ ᢈᠦ ᢈᠥᠲᠦᠯᠪᠦᠷᠢ ᠨᠢ ᠢᠷᢉᠡᠳ ᠢ᠋ ᠳ᠋ᠢᠵᠢᠲ᠋ᠠᠯ ᠡᠷᠢ ᠳ᠋ᠦ ᠢᠳᠡᠪᢈᠢᠲᠡᠢ᠂ ᠬᠠᠷᠢᠭᠤᠴᠠᠯᠭᠠᠲᠠᠢ ᢈᠡᠷᠡᢉᠯᠡᢉᠴᠢ ᠪᠣᠯᠭᠠᠬᠤ᠂ ᠤᠯᠠᠮ ᠢ᠋ᠶᠠᠷ ᠨᠡᠶᠢᢉᠡᠮ ᠳ᠋ᠦ ᠴᠠᢈᠢᠮ ᠰᠢᠯᠵᠢᠯᠲᠡ ᠶ᠋ᠢ ᠬᠤᠷᠳᠤᠰᠬᠠᠬᠤ ᠴᠢᠬᠤᠯᠠ ᠠᠴᠢ ᠬᠣᠯᠪᠤᠭᠳᠠᠯ ᠲᠠᠢ ᠶᠤᠮ᠃

ᠨᠡᠶᠢᠲᠡᠯᠡᠭᠰᠡᠨ᠄